ᠵᠡᠭᠦᠡᠭᠠᠷ ᠬᠤᠰᠢᠭᠤᠨ ᠤ ᠲᠡᠤᠭᠡ ᠶᠢᠨ ᠨᠡᠷᠡᠳᠤ ᠭᠦᠮᠤᠰ — ᠵᠠᠨᠠᠭᠠᠷᠤᠳᠢ
ᠨᠡᠶᠢᠲᠡᠯᠡᠭᠰᠡᠨ ᠴᠠᠭ᠄
2020/1/8
    ᠵᠠᠨᠠᠭᠠᠷᠤᠳᠢ ︵1832 — 1900 ᠤᠨ︶ ᠴᠢᠩᠬᠢᠰ ᠬᠠᠭᠠᠨ ᠤ ᠭᠤᠴᠢᠳᠤᠭᠠᠷ ᠦᠶ᠎ᠠ ᠶᠢᠨ ᠠᠴᠢ᠂  ᠤᠷᠳᠤᠰ ᠤᠨ ᠵᠡᠬᠦᠨ ᠭᠠᠷᠤᠨ ᠡᠮᠤᠨᠡᠳᠤ ᠬᠤᠰᠢᠭᠤᠨ ᠤ ᠶᠢᠰᠦᠳᠦᠭᠡᠷ ᠦᠶ᠎ᠠ ᠶᠢᠨ ᠵᠠᠰᠠᠭ ᠨᠤᠶᠠᠨ ᠪᠤᠯᠤᠨ᠎ᠠ᠃ ᠳᠦᠭᠡᠮᠡᠯ ᠡᠯᠪᠡᠭᠳᠤ ᠶᠢᠨ ᠬᠤᠶᠠᠳᠤᠭᠠᠷ ᠤᠨ ︵1852 ᠤᠨ︶ ᠳᠤ ᠵᠠᠰᠠᠭ ᠬᠤᠰᠢᠭᠤᠨ ᠤ ᠪᠠᠶᠢᠰᠠ ᠶᠢᠨ  ᠭᠡᠷᠭᠡᠮ ᠢ ᠵᠠᠯᠭᠠᠮᠵᠢᠯᠠᠪᠠ᠃ ᠪᠦᠷᠢᠨ ᠵᠠᠰᠠᠬᠴᠢ ᠶᠢᠨ ᠳᠡᠷᠢᠬᠦᠨ ᠤᠨ ︵1862 ᠤᠨ︶ ᠤ ᠶᠢᠰᠤᠨ ᠰᠠᠷ᠎ᠠ ᠳᠤ᠂ ᠶᠡᠭᠡ ᠵᠤᠤ ᠴᠢᠭᠤᠯᠭᠠᠨ ᠤ ᠳᠡᠳ᠋ ᠳᠠᠷᠤᠭ᠎ᠠ ᠪᠤᠯᠵᠤ᠂ ᠶᠡᠭᠡ ᠵᠤᠤ ᠴᠢᠭᠤᠯᠭᠠᠨ ᠤ ᠳᠤᠯᠤᠭᠠᠨ ᠬᠤᠰᠢᠭᠤᠨ ᠤ ᠤᠯᠠᠨ ᠳᠦᠰᠢᠮᠡᠯ ᠴᠡᠷᠢᠭ ᠢ ᠵᠠᠬᠢᠷᠤᠨ᠂ ᠱᠠᠨ ᠰᠢ ᠭᠠᠨᠰᠤ ᠶᠢᠨ ᠤᠷᠪᠠᠭᠰᠠᠨ ᠬᠤᠳᠤᠩᠴᠤᠳ ᠤᠨ ᠴᠡᠷᠢᠭ ᠢ ᠤᠰᠠᠳᠬᠠᠵᠤ᠂ ᠴᠢᠩ ᠤᠨ ᠳᠦᠷᠤ ᠳᠤ ᠳᠠᠶᠢᠨ ᠤ ᠭᠠᠪᠢᠶ᠎ᠠ ᠪᠠᠶᠢᠭᠤᠯᠤᠬᠰᠠᠨ ᠪᠠᠶᠢᠨ᠎ᠠ᠃ ᠪᠦᠷᠢᠨ ᠵᠠᠰᠠᠬᠴᠢ ᠶᠢᠨ ᠳᠦᠷᠪᠡᠳᠤᠭᠡᠷ ᠤᠨ ᠳᠤ ᠳᠦᠷᠦ ᠶᠢᠨ ᠪᠠᠶᠢᠯᠠ ᠵᠡᠷᠭᠡ ᠳᠤ ᠳᠡᠪᠰᠢᠬᠦᠯᠵᠡᠢ︔ ᠠᠷᠪᠠᠨ ᠨᠢᠭᠡᠳᠤᠭᠡᠷ ᠤᠨ ᠳᠤ᠂ ᠰᠢᠳᠠᠷ ᠲᠤ ᠶᠠᠪᠤᠬᠤ ᠨᠤᠶᠠᠨ ᠢᠶᠠᠷ ᠱᠠᠩᠨᠠᠭᠤᠯᠪᠠ︔ ᠪᠠᠳᠠᠷᠠᠭᠤᠯᠳᠤ ᠳᠦᠷᠦ ᠶᠢᠨ ᠠᠷᠪᠠᠳᠤᠭᠠᠷ ᠤᠨ ︵1884 ᠤᠨ︶ ᠳᠤ᠂ ᠶᠡᠭᠡ ᠵᠤᠤ ᠴᠢᠭᠤᠯᠭᠠᠨ ᠤ ᠳᠠᠷᠤᠭ᠎ᠠ ᠪᠤᠯᠤᠬᠰᠠᠨ ᠪᠠᠶᠢᠨ᠎ᠠ᠃     ᠵᠠᠨᠠᠭᠠᠷᠤᠳᠢ ᠤᠷᠳᠤᠰ ᠤᠨ ᠵᠡᠬᠦᠨ ᠭᠠᠷᠤᠨ ᠡᠮᠤᠨᠡᠳᠤ ᠬᠤᠰᠢᠭᠤᠨ ᠤ ᠵᠠᠰᠠᠭ ᠨᠤᠶᠠᠨ ᠴᠠᠬᠳᠤᠷᠰᠡᠷᠡᠩ ᠤᠨ ᠠᠬᠠᠮᠠᠳ ᠬᠦᠪᠡᠬᠦᠨ ᠪᠤᠯᠤᠨ᠎ᠠ᠃ ᠳᠦᠷᠦ ᠭᠡᠷᠡᠯᠳᠤ  ᠶᠢᠨ ᠬᠤᠷᠢᠨ ᠳᠦᠷᠪᠡᠳᠤᠭᠡᠷ ᠤᠨ ︵1844 ᠤᠨ︶ ᠤ  ᠬᠤᠶᠠᠳᠤᠭᠠᠷ ᠰᠠᠷ᠎ᠠ ᠶᠢᠨ ᠠᠷᠪᠠᠨ ᠨᠢᠭᠡᠨ ᠳᠤ᠂ ᠵᠠᠷᠯᠢᠭ ᠢᠶᠠᠷ ᠨᠡᠷ᠎ᠠ ᠪᠦᠷᠢᠳᠭᠡᠬᠦᠯᠤᠨ ᠬᠤᠶᠠᠳᠤᠭᠠᠷ ᠵᠡᠷᠭᠡ ᠶᠢᠨ ᠳᠠᠶᠢᠵᠢ ᠪᠠᠷ ᠡᠷᠬᠦᠮᠵᠢᠯᠡᠭᠳᠡᠪᠡ︔ ᠳᠦᠭᠡᠮᠡᠯ ᠡᠯᠪᠡᠭᠳᠤ ᠶᠢᠨ ᠳᠡᠷᠢᠬᠦᠨ ᠤᠨ ︵1851ᠤᠨ︶   ᠤ  ᠠᠷᠪᠠᠨ ᠬᠤᠶᠠᠳᠤᠭᠠᠷ ᠰᠠᠷ᠎ᠠ ᠶᠢᠨ ᠠᠷᠪᠠᠨ ᠨᠠᠢᠮᠠᠨ  ᠳᠤ᠂  ᠵᠠᠨᠠᠭᠠᠷᠤᠳᠢ ᠶᠢᠨ ᠡᠴᠢᠭᠡ ᠴᠠᠬᠳᠤᠷᠰᠡᠷᠡᠩ ᠨᠠᠰᠤ ᠪᠠᠷᠠᠵᠠᠢ︔ ᠬᠤᠶᠠᠳᠤᠭᠠᠷ ᠤᠨ ᠤ ᠳᠠᠪᠤᠨ ᠰᠠᠷ᠎ᠠ ᠶᠢᠨ ᠠᠷᠪᠠᠨ ᠳᠤᠯᠤᠭᠠᠨ ᠳᠤ᠂  ᠵᠠᠨᠠᠭᠠᠷᠤᠳᠢ ᠨᠠᠶᠢᠰᠯᠡᠯ  ᠳᠤ ᠤᠷᠤᠵᠤ ᠬᠠᠭᠠᠨ ᠳᠤ ᠪᠠᠷᠠᠯᠠᠭᠠᠳ᠂ ᠵᠠᠷᠯᠢᠭ ᠢᠶᠠᠷ ᠳᠦᠭᠡᠮᠡᠯ ᠡᠯᠪᠡᠭᠳᠤ ᠬᠠᠭᠠᠨ ᠳᠡᠬᠦᠨ ᠳᠤ ᠵᠠᠰᠠᠭ ᠤᠨ ᠳᠠᠮᠠᠭ᠎ᠠ ᠶᠢ ᠵᠠᠯᠭᠠᠮᠵᠢᠯᠠᠭᠤᠯᠬᠤ ᠪᠠᠷ ᠵᠦᠪᠰᠢᠶᠡᠷᠡᠵᠤ᠂ ᠤᠷᠳᠤᠰ ᠤᠨ ᠵᠡᠬᠦᠨ ᠭᠠᠷᠤᠨ ᠡᠮᠤᠨᠡᠳᠤ ᠬᠤᠰᠢᠭᠤᠨ ᠤ ᠶᠢᠰᠦᠳᠦᠭᠡᠷ ᠦᠶ᠎ᠠ ᠶᠢᠨ ᠵᠠᠰᠠᠭ ᠨᠤᠶᠠᠨ ᠪᠤᠯᠭᠠᠬᠰᠠᠨ ᠪᠠᠶᠢᠨ᠎ᠠ᠃
    ᠵᠠᠨᠠᠭᠠᠷᠤᠳᠢ ᠵᠡᠬᠦᠨ ᠭᠠᠷᠤᠨ ᠡᠮᠤᠨᠡᠳᠤ ᠬᠤᠰᠢᠭᠤᠨ ᠤ ᠡᠷᠭᠡ ᠶᠢ ᠪᠠᠷᠤᠭ ᠬᠠᠭᠠᠰ ᠵᠠᠭᠤᠨ ᠬᠢᠷᠢᠳᠡᠢ ᠡᠵᠡᠨ ᠮᠡᠳᠡᠵᠤ᠂ ᠳᠦᠭᠡᠮᠡᠯ ᠡᠯᠪᠡᠭᠳᠤ᠂ ᠪᠦᠷᠢᠨ ᠵᠠᠰᠠᠬᠴᠢ ᠂ ᠪᠠᠳᠠᠷᠠᠭᠤᠯᠳᠤ ᠳᠦᠷᠦ ᠵᠡᠷᠭᠡ ᠭᠤᠷᠪᠠᠨ ᠳᠦᠷᠦ ᠶᠢ ᠦᠩᠭᠡᠷᠡᠭᠡᠵᠤ᠂ ᠶᠡᠭᠡ ᠵᠤᠤ ᠴᠢᠭᠤᠯᠭᠠᠨ ᠤ ᠰᠢᠷᠡᠭᠡᠨ ᠳᠤ ᠬᠠᠮᠤᠭ ᠤᠳᠠᠭᠠᠨ ᠰᠠᠭᠤᠬᠰᠠᠨ ᠸᠠᠩ ᠬᠦᠩ ᠪᠤᠯᠪᠠ᠃  ᠳᠠᠶᠢᠨ ᠳᠤ ᠮᠤᠷᠳᠠᠵᠤ ᠭᠠᠪᠢᠶ᠎ᠠ ᠤᠯᠠᠨ ᠪᠠᠶᠢᠭᠤᠯᠤᠬᠰᠠᠨ ᠢᠶᠠᠷ ᠴᠢᠩ ᠤᠨ ᠳᠦᠷᠦ ᠶᠢᠨ ᠵᠡᠷᠭᠡ ᠭᠡᠷᠭᠡᠮ ᠢ ᠬᠦᠨ ᠬᠦᠷᠳᠡᠭᠰᠡᠨ ᠪᠠᠶᠢᠨ᠎ᠠ᠃     ᠪᠦᠷᠢᠨ ᠵᠠᠰᠠᠬᠴᠢ ᠶᠢᠨ ᠦᠶ᠎ᠠ ᠳᠤ᠂ ᠪᠠᠷᠠᠭᠤᠨ ᠬᠤᠶᠢᠳᠤ ᠶᠢᠨ ᠬᠤᠳᠤᠩᠴᠤᠳ ᠤᠨ ᠤᠷᠪᠠᠯᠭᠠᠨ ᠢ ᠳᠠᠷᠤᠪᠠ᠃ ᠪᠦᠷᠢᠨ ᠵᠠᠰᠠᠬᠴᠢ ᠶᠢᠨ ᠳᠡᠷᠢᠬᠦᠨ ᠤᠨ ︵1862 ᠤᠨ︶   ᠤ  ᠶᠢᠰᠦᠳᠦᠭᠡᠷ ᠰᠠᠷ᠎ᠠ ᠳᠤ᠂ ᠵᠠᠨᠠᠭᠠᠷᠤᠳᠢ ᠶᠡᠭᠡ ᠵᠤᠤ ᠴᠢᠭᠤᠯᠭᠠᠨ ᠤ  ᠪᠡᠯᠡᠳᠭᠡᠯ ᠴᠡᠷᠢᠭ ᠤᠨ ᠵᠠᠰᠠᠭ ᠨᠤᠶᠠᠨ   ᠤ ᠳᠤᠰᠢᠶᠠᠯ ᠢ ᠡᠬᠦᠷᠭᠡᠯᠡᠵᠤ᠂ ᠰᠡᠬᠦᠯᠡᠷ ᠨᠢ ᠶᠡᠭᠡ ᠵᠤᠤ ᠴᠢᠭᠤᠯᠭᠠᠨ ᠤ ᠳᠤᠯᠤᠭᠠᠨ ᠬᠤᠰᠢᠭᠤᠨ ᠤ ᠳᠦᠰᠢᠮᠡᠯ ᠴᠡᠷᠢᠭ ᠤᠨ ᠵᠠᠬᠢᠷᠤᠯ ᠢᠶᠠᠷ ᠡᠷᠬᠦᠮᠵᠢᠯᠡᠭᠳᠡᠭᠰᠡᠨ ᠪᠠᠶᠢᠨ᠎ᠠ᠃ ᠰᠤᠶᠢᠶᠤᠸᠠᠨ ᠬᠤᠳᠠ  ᠶᠢᠨ ᠵᠠᠩᠵᠤᠨ᠂ ᠶᠡᠭᠡ ᠵᠤᠤ ᠴᠢᠭᠤᠯᠭᠠᠨ ᠤ ᠳᠠᠷᠤᠭ᠎ᠠ ᠶᠢᠨ ᠵᠠᠷᠯᠢᠭ ᠢ ᠬᠦᠯᠢᠶᠡᠵᠤ᠂  ᠪᠦᠷᠢᠨ ᠵᠠᠰᠠᠬᠴᠢ ᠶᠢᠨ ᠳᠡᠷᠢᠬᠦᠨ ᠤᠨ ︵1862 ᠤᠨ︶ ᠤ ᠠᠷᠪᠠᠳᠤᠭᠠᠷ ᠰᠠᠷ᠎ᠠ ᠶᠢᠨ ᠬᠤᠷᠢᠨ ᠨᠠᠢᠮᠠᠨ ᠳᠤ ᠴᠡᠷᠢᠭ ᠠᠪᠴᠤ ᠳᠠᠶᠢᠨ ᠳᠤ ᠮᠤᠷᠳᠠᠵᠤ᠂ ᠪᠦᠷᠢᠨ ᠵᠠᠰᠠᠬᠴᠢ ᠶᠢᠨ ᠠᠷᠪᠠᠳᠤᠭᠠᠷ ᠤᠨ ︵1871 ᠤᠨ︶ ᠤ ᠠᠷᠪᠠᠳᠤᠭᠠᠷ ᠰᠠᠷ᠎ᠠ  ᠶᠢᠨ ᠠᠷᠪᠠᠨ ᠳᠤ ᠢᠯᠠᠭᠤᠬᠰᠠᠨ ᠢᠯᠠᠯᠳᠠ ᠶᠢ ᠤᠯᠵᠤ ᠬᠤᠰᠢᠭᠤᠨ ᠳᠠᠭᠠᠨ ᠪᠤᠴᠠᠨ ᠢᠷᠡᠪᠡ᠂ ᠭᠠᠨᠰᠤ ᠶᠢᠨ ᠬᠢᠵᠠᠭᠠᠷ ᠲᠤ ᠬᠤᠳᠤᠩᠴᠤᠳ ᠤᠨ ᠴᠡᠷᠢᠭ ᠲᠠᠢ ᠠᠷᠪᠠᠨ ᠵᠢᠯ ᠤᠨ ᠳᠠᠶᠢᠨ ᠬᠢᠵᠡᠢ᠃ ᠵᠠᠨᠠᠭᠠᠷᠤᠳᠢ ᠵᠡᠬᠦᠨ ᠭᠠᠷᠤᠨ ᠡᠮᠤᠨᠡᠳᠤ ᠬᠤᠰᠢᠭᠤᠨ ᠤ ᠳᠦᠰᠢᠮᠡᠯ ᠴᠡᠷᠢᠭ ᠢ ᠳᠠᠭᠠᠭᠤᠯᠵᠤ᠂ ᠪᠦᠷᠢᠨ ᠵᠠᠰᠠᠬᠴᠢ ᠶᠢᠨ ᠳᠡᠷᠢᠬᠦᠨ ᠤᠨ ᠤ ᠠᠷᠪᠠᠨ ᠨᠢᠭᠡᠳᠤᠭᠡᠷ ᠰᠠᠷ᠎ᠠ ᠶᠢᠨ ᠠᠷᠪᠠᠨ ᠬᠤᠶᠠᠷ ᠤᠨ ᠡᠳᠤᠷ ᠤᠳᠤᠭ ᠬᠤᠰᠢᠭᠤᠨ ᠤ ᠤᠯᠠᠭᠠᠨᠵᠢᠷᠢᠮ ᠤᠨ ᠰᠦᠮ᠎ᠠ ᠳᠤ ᠬᠦᠷᠴᠤ᠂  ᠠᠷᠪᠠᠨ ᠨᠢᠭᠡᠳᠤᠭᠡᠷ ᠰᠠᠷ᠎ᠠ ᠶᠢᠨ ᠬᠤᠷᠢᠨ ᠬᠤᠶᠠᠷ ᠤᠨ ᠡᠳᠤᠷ᠂  ᠪᠠᠰᠠ ᠶᠡᠭᠡ ᠵᠤᠤ ᠴᠢᠭᠤᠯᠭᠠᠨ ᠤ ᠳᠠᠪᠤᠨ ᠬᠤᠰᠢᠭᠤᠨ ᠤ 686 ᠳᠦᠰᠢᠮᠡᠯ ᠴᠡᠷᠢᠭ ᠢ ᠳᠠᠭᠠᠭᠤᠯᠵᠤ ᠬᠤᠸᠠ ᠮᠠ ‍ᠣᠤᠢ ᠶᠢᠨ ᠤᠶᠢᠷᠠᠬᠠᠨ ᠪᠠᠭᠤᠳᠠᠯᠯᠠᠵᠤ ᠪᠠᠶᠢᠵᠠᠢ︔  ᠠᠷᠪᠠᠨ ᠬᠤᠶᠠᠳᠤᠭᠠᠷ ᠰᠠᠷ᠎ᠠ ᠶᠢᠨ ᠠᠷᠪᠠᠨ ᠳᠠᠪᠤᠨ ᠳᠤ᠂ ᠬᠠᠭᠠᠨ ᠤ ᠳᠤᠪᠯᠠᠨ ᠪᠢᠴᠢᠭᠰᠡᠨ ᠶᠡᠭᠡ ᠵᠤᠤ ᠴᠢᠭᠤᠯᠭᠠᠨ ᠤ ᠳᠡᠳ᠋ ᠳᠠᠷᠤᠭ᠎ᠠ  ᠪᠤᠯᠭᠠᠬᠤ ᠡᠷᠬᠦᠮᠵᠢᠯᠡᠯ ᠢ ᠬᠦᠯᠢᠶᠡᠪᠡ᠃ ᠪᠦᠷᠢᠨ ᠵᠠᠰᠠᠬᠴᠢ ᠶᠢᠨ ᠬᠤᠶᠠᠳᠤᠭᠠᠷ ᠤᠨ ᠤ ᠴᠠᠭᠠᠨ ᠰᠠᠷ᠎ᠠ᠂ ᠶᠡᠭᠡ ᠵᠤᠤ ᠴᠢᠭᠤᠯᠭᠠᠨ ᠤ ᠳᠤᠯᠤᠭᠠᠨ ᠬᠤᠰᠢᠭᠤᠨ ᠤ1000 ᠭᠠᠷᠤᠢ ᠳᠦᠰᠢᠮᠡᠯ ᠴᠡᠷᠢᠭ ᠢ ᠳᠠᠭᠠᠭᠤᠯᠵᠤ᠂  ᠬᠤᠸᠠ ᠮᠠ ‍ᠣᠤᠢ ᠶᠢᠨ ᠬᠢᠵᠠᠭᠠᠷ ᠠᠴᠠ ᠳ᠋ᠧᠩᠺᠸᠤ ᠳᠤ ᠰᠢᠯᠵᠢᠨ ᠰᠠᠭᠤᠵᠤ᠂  ᠸᠧᠢ ᠾᠧᠩ ᠴᠧᠩ ᠪᠤᠤ ᠠᠴᠠ ᠳ᠋ᠧᠩᠺᠸᠤ ᠬᠦᠷᠬᠦ 400 ᠭᠠᠵᠠᠷ ᠤᠨ ᠰᠡᠷᠭᠡᠶᠢᠯᠡᠯᠳᠡ ᠶᠢᠨ ᠱᠤᠭᠤᠮ ᠢ ᠰᠠᠬᠢᠵᠤ ᠰᠠᠭᠤᠬᠰᠠᠨ ᠪᠠᠶᠢᠨ᠎ᠠ᠃  ᠪᠦᠷᠢᠨ ᠵᠠᠰᠠᠬᠴᠢ ᠶᠢᠨ ᠳᠦᠷᠪᠡᠳᠤᠭᠡᠷ ᠤᠨ ᠤ  ᠳᠠᠪᠤᠳᠤᠭᠠᠷ ᠰᠠᠷ᠎ᠠ ᠶᠢᠨ ᠠᠷᠪᠠᠨ ᠨᠠᠢᠮᠠᠨ ᠳᠤ᠂ ᠬᠤᠳᠤᠩ ᠤᠨ ᠬᠤᠯᠠᠭᠠᠢ ᠶᠢ ᠬᠠᠰᠢᠬᠤ ᠳᠤ ᠬᠦᠴᠤᠯᠡᠨ᠂ ᠨᠢᠩᠰᠢᠶᠠ ᠶᠢᠨ ᠴᠡᠷᠢᠭ ᠤᠨ ᠬᠤᠷᠢᠶᠠᠨ ᠳᠤ  ᠴᠡᠷᠢᠭ ᠤᠨ ᠠᠮᠤ ᠬᠦᠨᠡᠰᠤ ᠶᠢ ᠵᠦᠭᠡᠭᠡᠨ ᠬᠦᠷᠭᠡᠬᠦᠯᠬᠦ ᠳᠤ ᠰᠠᠭᠠᠳᠠᠭᠤᠯᠤᠬᠰᠠᠨ ᠦᠭᠡᠢ ᠶᠢᠨ ᠤᠴᠢᠷ ᠲᠤ ᠪᠡᠶᠢᠯᠠ ᠵᠡᠷᠭᠡ ᠪᠠᠷ ᠱᠠᠩᠨᠠᠭᠤᠯᠪᠠ︔  ᠪᠦᠷᠢᠨ ᠵᠠᠰᠠᠬᠴᠢ ᠶᠢᠨ ᠵᠢᠷᠭᠤᠳᠤᠭᠠᠷ ᠤᠨ ᠳᠤ᠂  ᠭᠠᠨᠰᠤ ᠶᠢᠨ ᠴᠡᠷᠢᠭ ᠤᠨ ᠬᠤᠷᠢᠶᠠᠨ ᠳᠤ ᠠᠴᠢᠶᠠᠨ ᠤ ᠳᠡᠮᠡᠭᠡ ᠪᠡᠯᠡᠳᠭᠡᠵᠤ᠂  ᠳᠦᠰᠢᠮᠡᠯ ᠴᠡᠷᠢᠭ ᠤᠨ ᠴᠠᠯᠢᠩ  ᠤᠨ ᠮᠦᠩᠬᠦ   ᠶᠢ ᠪᠡᠯᠡᠳᠭᠡᠵᠤ ᠭᠠᠷᠳᠠᠭᠤᠯᠤᠬᠰᠠᠨ ᠢᠶᠠᠷ᠂ ᠴᠢᠶᠠᠨ ᠴᠢᠩ ᠮᠧᠨ ᠢᠶᠠᠷ ᠭᠠᠷᠴᠤ ᠤᠷᠤᠬᠤ ᠰᠢᠳᠠᠷ ᠲᠤ ᠶᠠᠪᠤᠬᠤ  ᠨᠤᠶᠠᠨ ᠢᠶᠠᠷ ᠱᠠᠩᠨᠠᠭᠤᠯᠵᠤ᠂  ᠰᠢᠷ᠎ᠠ ᠤᠯᠠᠭᠠᠨ ᠦᠩᠭᠡᠳᠤ ᠵᠢᠯᠤᠭᠤ ᠪᠠᠷ ᠱᠠᠩᠨᠠᠭᠤᠯᠵᠠᠢ᠃     ᠪᠦᠷᠢᠨ ᠵᠠᠰᠠᠬᠴᠢ ᠶᠢᠨ ᠳᠤᠯᠤᠳᠤᠭᠠᠷ ᠤᠨ ︵1868 ᠤᠨ︶ ᠳᠤ᠂ ᠬᠤᠨᠠᠨ ᠤ ᠴᠡᠷᠢᠭ ᠤᠨ ᠶᠡᠭᠡ ᠵᠠᠩᠵᠤᠨ᠂ ᠬᠠᠭᠠᠨ ᠤ ᠢᠯᠡᠭᠡᠭᠰᠡᠨ ᠳᠦᠰᠢᠮᠡᠯ᠂  ᠱᠠᠨᠰᠢ ᠭᠠᠨᠰᠤ ᠶᠢᠨ ᠶᠡᠷᠦᠩᠭᠡᠢ ᠵᠠᠬᠢᠷᠤᠬᠴᠢ ᠽᠦᠸᠧ ᠽᠦᠩ ᠳᠠᠩ ᠤᠨ ᠳᠠᠭᠠᠭᠤᠯᠤᠬᠰᠠᠨ ᠴᠡᠷᠢᠭ ᠱᠠᠨᠰᠢ ᠳᠤ ᠤᠷᠤᠵᠤ ᠢᠷᠡᠨ᠂ ᠡᠮᠤᠨ᠎ᠠ ᠵᠠᠮ ᠤᠨ ᠡᠯ᠎ᠠ ᠭᠠᠵᠠᠷ  ᠤᠨ ᠬᠤᠳᠤᠩᠴᠤᠳ ᠤᠨ ᠴᠡᠷᠢᠭ ᠢ ᠳᠠᠭᠠᠷᠢᠨ ᠤᠬᠤᠷᠢᠭᠤᠯᠤᠬᠰᠠᠨ ᠢᠶᠠᠷ᠂ ᠬᠤᠳᠤᠩᠴᠤᠳ ᠤᠨ ᠴᠡᠷᠢᠭ ᠨᠢ ᠬᠤᠶᠢᠰᠢ ᠪᠠᠨ ᠤᠷᠳᠤᠰ ᠲᠤ ᠤᠬᠤᠷᠢᠨ ᠤᠷᠤᠵᠤ ᠢᠷᠡᠭᠡᠳ᠂ ᠵᠡᠬᠦᠨ ᠭᠠᠷᠤᠨ ᠡᠮᠤᠨᠡᠳᠤ ᠬᠤᠰᠢᠭᠤᠨ ᠤ ᠸᠠᠩ ᠤᠨ ᠤᠷᠳᠤᠨ᠂ ᠵᠠᠮᠰᠠᠷᠡᠩ ᠪᠤᠷᠬᠠᠨ ᠤ ᠰᠦᠮ᠎ᠠ᠂ ᠤᠳᠠᠴᠢ ᠶᠢᠨ ᠰᠦᠮ᠎ᠠ᠂  ᠴᠠᠩ ᠳᠠᠨ᠂ ᠬᠠᠯᠵᠠᠢ  ᠶᠢᠨ ᠳᠡᠯᠭᠡᠬᠦᠷ ᠬᠤᠳᠠᠯᠳᠤᠭ᠎ᠠ ᠶᠢ ᠴᠦᠮ ᠳᠤᠶᠢᠮᠠᠷᠳᠡᠬᠰᠠᠨ ᠪᠠᠶᠢᠨ᠎ᠠ᠃ ᠳᠤᠰ ᠵᠢᠯ ᠤᠨ ᠳᠦᠷᠪᠡᠳᠤᠭᠡᠷ ᠰᠠᠷ᠎ᠠ ᠳᠤ᠂  ᠵᠠᠨᠠᠭᠠᠷᠤᠳᠢ ᠵᠠᠷᠯᠢᠭ ᠢᠶᠠᠷ ᠶᠡᠭᠡ ᠵᠤᠤ ᠴᠢᠭᠤᠯᠭᠠᠨ ᠤ ᠳᠤᠯᠤᠭᠠᠨ ᠬᠤᠰᠢᠭᠤᠨ ᠤ 1000 ᠮᠤᠷᠢᠳᠤ ᠴᠡᠷᠢᠭ᠂ 500 ᠴᠠᠬᠠᠷ ᠤᠨ ᠮᠤᠷᠢᠳᠤ ᠴᠡᠷᠢᠭ ᠢ ᠳᠠᠭᠠᠭᠤᠯᠵᠤ᠂ ᠬᠤᠳᠤᠩᠴᠤᠳ ᠤᠨ ᠴᠡᠷᠢᠭ ᠲᠠᠢ ᠤᠷᠢᠳ ᠬᠤᠵᠢᠳ ᠠᠷᠪᠠ ᠤᠳᠠᠭᠠᠨ ᠤ ᠳᠤᠯᠤᠯᠳᠤᠭᠠᠨ ᠬᠢᠭᠰᠡᠨ ᠪᠠᠶᠢᠨ᠎ᠠ᠃  ᠪᠦᠷᠢᠨ ᠵᠠᠰᠠᠬᠴᠢ ᠶᠢᠨ ᠨᠠᠢᠮᠠᠳᠤᠭᠠᠷ ᠤᠨ ᠳᠤ᠂  ᠮᠤᠩᠭᠤᠯ ᠤᠷᠤᠨ ᠢᠶᠠᠷ ᠳᠤᠶᠢᠪᠡᠭᠡᠵᠤ ᠪᠠᠶᠢᠬᠰᠠᠨ ᠬᠤᠳᠤᠩᠴᠤᠳ ᠤᠨ ᠴᠡᠷᠢᠭ ᠢ ᠢᠯᠠᠬᠰᠠᠨ ᠭᠠᠪᠢᠶ᠎ᠠ ᠲᠠᠢ ᠪᠤᠯᠬᠤᠷ ᠬᠤᠶᠠᠷ ᠨᠡᠮᠡᠭᠰᠡᠨ ᠵᠡᠷᠭᠡ ᠤᠯᠭᠤᠪᠠ᠃ ᠪᠦᠷᠢᠨ ᠵᠠᠰᠠᠬᠴᠢ ᠶᠢᠨ ᠶᠢᠰᠦᠳᠦᠭᠡᠷ ᠤᠨ ᠳᠤ᠂ ᠴᠢᠩ ᠤᠨ ᠴᠡᠷᠢᠭ ᠡᠯ᠎ᠠ ᠵᠠᠮ ᠢᠶᠠᠷ ᠳᠠᠭᠠᠷᠢᠯᠳᠠ ᠬᠢᠭᠰᠡᠨ ᠢᠶᠠᠷ ᠬᠤᠳᠤᠩᠴᠤᠳ ᠤᠨ ᠴᠡᠷᠢᠭ ᠤᠷᠤᠭᠤᠳᠠᠨ ᠳᠤᠳᠠᠭᠠᠵᠤ᠂ ᠵᠠᠯᠭᠠᠪᠠᠷ ᠤᠷᠳᠤᠰ ᠲᠤ ᠤᠬᠤᠷᠢᠨ ᠤᠷᠤᠬᠰᠠᠨ ᠪᠠᠶᠢᠨ᠎ᠠ᠃  ᠪᠦᠷᠢᠨ ᠵᠠᠰᠠᠬᠴᠢ ᠶᠢᠨ ᠠᠷᠪᠠᠳᠤᠭᠠᠷ ᠤᠨ ᠳᠤ᠂  ᠪᠠᠰᠠ ᠵᠡᠬᠦᠨ ᠭᠠᠷᠤᠨ ᠡᠮᠤᠨᠡᠳᠤ ᠬᠤᠰᠢᠭᠤᠨ ᠤ 500 ᠭᠠᠪᠰᠢᠭᠠᠢ ᠮᠤᠷᠢᠳᠤ ᠴᠡᠷᠢᠭ ᠢ ᠳᠠᠭᠠᠭᠤᠯᠤᠨ ᠴᠢᠩ ᠤᠯᠤᠰ ᠤᠨ ᠭᠤᠤᠯ ᠬᠦᠴᠤᠨ ᠪᠤᠯᠬᠤ ᠽᠦᠸᠧ ᠽᠦᠩ ᠳᠠᠩ   ᠤᠨ ᠴᠡᠷᠢᠭ ᠢ ᠳᠠᠭᠠᠵᠤ ᠭᠠᠨᠰᠤ ᠶᠢ ᠳᠠᠶᠢᠯᠠᠭᠠᠳ ᠬᠤᠳᠤᠩᠴᠤᠳ ᠤᠨ ᠴᠡᠷᠢᠭ ᠢ ᠤᠰᠠᠳᠬᠠᠨ᠂ ᠬᠤᠳᠤᠩᠴᠤᠳ ᠤᠨ ᠴᠡᠷᠢᠭ ᠤᠨ ᠶᠡᠭᠡ ᠬᠤᠸᠠᠷᠠᠨ ᠪᠤᠯᠬᠤ ᠶᠢᠨ ᠵᠢᠢ ᠪᠤᠤ ᠶᠢ ᠰᠦᠨᠦᠭᠡᠵᠤ ᠳᠦᠰᠢᠮᠡᠯ ᠴᠡᠷᠢᠭ ᠢ ᠵᠠᠬᠢᠷᠤᠨ ᠳᠠᠭᠠᠭᠤᠯᠵᠤ ᠬᠤᠳᠤᠩ ᠬᠤᠯᠠᠭᠠᠢ ᠶᠢ ᠨᠡᠭᠡᠵᠤ ᠪᠠᠶᠢᠯᠳᠤᠬᠰᠠᠨ ᠭᠡᠮᠡᠨ ᠬᠤᠶᠠᠷ ᠨᠡᠮᠡᠭᠰᠡᠨ ᠵᠡᠷᠭᠡ ᠤᠯᠭᠤᠪᠠ᠃     ᠪᠦᠷᠢᠨ ᠵᠠᠰᠠᠬᠴᠢ ᠶᠢᠨ ᠠᠷᠪᠠᠨ ᠨᠢᠭᠡᠳᠤᠭᠡᠷ ᠤᠨ︵1872 ᠤᠨ︶ ᠤ ᠠᠷᠪᠠᠨ ᠬᠤᠶᠠᠳᠤᠭᠠᠷ ᠰᠠᠷ᠎ᠠ ᠳᠤ᠂ ᠵᠠᠨᠠᠭᠠᠷᠤᠳᠢ ᠪᠦᠷᠢᠨ ᠵᠠᠰᠠᠬᠴᠢ ᠬᠠᠭᠠᠨ ᠤ ᠬᠤᠷᠢᠮ ᠤᠨ ᠶᠡᠭᠡ ᠶᠤᠰᠤᠯᠠᠯ ᠳᠤ ᠤᠷᠤᠯᠴᠠᠵᠤ᠂  ᠳᠤᠰ ᠰᠠᠷ᠎ᠠ ᠶᠢᠨ ᠬᠤᠷᠢᠨ ᠨᠠᠢᠮᠠᠨ ᠳᠤ᠂ ᠰᠢᠳᠠᠷ ᠲᠤ ᠶᠠᠪᠤᠬᠤ ᠨᠤᠶᠠᠨ ᠢᠶᠠᠷ ᠱᠠᠩᠨᠠᠭᠤᠯᠵᠠᠢ᠃ ᠪᠠᠳᠠᠷᠠᠭᠤᠯᠳᠤ ᠳᠦᠷᠦ ᠶᠢᠨ ᠠᠷᠪᠠᠳᠤᠭᠠᠷ ᠤᠨ ︵1884 ᠤᠨ︶   ᠤ ᠠᠷᠪᠠᠨ ᠬᠤᠶᠠᠳᠤᠭᠠᠷ ᠰᠠᠷ᠎ᠠ ᠶᠢᠨ ᠬᠤᠷᠢᠨ ᠳᠠᠪᠤᠨ ᠳᠤ᠂ ᠵᠠᠷᠯᠢᠭ ᠢᠶᠠᠷ ᠵᠠᠨᠠᠭᠠᠷᠤᠳᠢ ᠶᠢ ᠶᠡᠭᠡ ᠵᠤᠤ ᠴᠢᠭᠤᠯᠭᠠᠨ ᠤ ᠳᠠᠷᠤᠭ᠎ᠠ ᠪᠠᠷ ᠳᠠᠯᠪᠢᠪᠠ︔ ᠪᠠᠳᠠᠷᠠᠭᠤᠯᠳᠤ ᠳᠦᠷᠦ ᠶᠢᠨ ᠠᠷᠪᠠᠨ ᠳᠠᠪᠤᠳᠤᠭᠠᠷ ᠤᠨ ᠳᠤ᠂ ᠶᠡᠭᠡ ᠵᠤᠤ ᠴᠢᠭᠤᠯᠭᠠᠨ ᠤ ᠳᠤᠯᠤᠭᠠᠨ ᠬᠤᠰᠢᠭᠤ ᠶᠢ ᠵᠤᠬᠢᠶᠠᠨ ᠪᠠᠶᠢᠭᠤᠯᠤᠨ ᠪᠠᠳᠠᠷᠠᠭᠤᠯᠳᠤ ᠳᠦᠷᠦ ᠶᠢᠨ ᠬᠠᠭᠠᠨ ᠤ ᠬᠤᠷᠢᠮ ᠤᠨ ᠶᠡᠭᠡ ᠨᠠᠶᠢᠷ ᠲᠤ 500 ᠮᠤᠷᠢ ᠡᠷᠬᠦᠭᠰᠡᠨ ᠤᠴᠢᠷ  ᠬᠤᠶᠠᠷ ᠨᠡᠮᠡᠭᠰᠡᠨ ᠵᠡᠷᠭᠡ ᠤᠯᠭᠤᠵᠤ᠂ ᠪᠦᠬᠦ ᠴᠢᠭᠤᠯᠭᠠᠨ ᠤ ᠳᠦᠰᠢᠮᠡᠯ ᠴᠡᠷᠢᠭ ᠢ ᠵᠠᠬᠢᠷᠬᠤ ᠵᠠᠰᠠᠭ ᠡᠷᠬᠦᠮᠵᠢᠯᠡᠵᠡᠢ︔ ᠪᠠᠳᠠᠷᠠᠭᠤᠯᠳᠤ ᠳᠦᠷᠦ ᠶᠢᠨ ᠬᠤᠷᠢᠳᠤᠭᠠᠷ ᠤᠨ ᠤ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠳᠤ᠂ ᠽᠢ ᠰᠢ ᠳᠠᠶᠢᠭᠡᠤ ᠶᠢᠨ ᠵᠢᠷᠠᠨ ᠨᠠᠰᠤᠨ ᠤ ᠪᠠᠶᠠᠷ ᠲᠤ ᠤᠷᠤᠯᠴᠠᠵᠤ᠂  ᠭᠤᠷᠪᠠᠨ ᠨᠢᠳᠤᠳᠤ ᠳᠤᠭᠤᠰ ᠤᠨ ᠤᠳᠤᠭ᠎ᠠ ᠪᠠᠷ ᠱᠠᠩᠨᠠᠭᠤᠯᠵᠠᠢ᠃    ᠤᠷᠳᠤᠰ ᠤᠨ ᠵᠡᠬᠦᠨ ᠭᠠᠷᠤᠨ ᠡᠮᠤᠨᠡᠳᠤ ᠬᠤᠰᠢᠭᠤᠨ ᠤ ᠵᠠᠰᠠᠭ ᠨᠢ ᠤᠤᠯ ᠳᠠᠭᠠᠨ  ᠵᠢᠯᠠᠭ᠎ᠠ ᠶᠢᠨ ᠭᠤᠤᠯ ︵ᠤᠳᠤ ᠶᠢᠨ ᠱᠠᠬᠳᠠᠷ ᠪᠠᠯᠭᠠᠰᠤᠨ ᠤ  ᠵᠢᠶᠠ ᠯᠢᠶᠠᠩ ᠭᠸᠤ ᠳᠤᠰᠬᠤᠨ︶ ᠳᠤ ᠪᠠᠶᠢᠬᠰᠠᠨ ᠠᠴᠠ ᠪᠠᠨ ᠰᠡᠬᠦᠯᠡᠷ ᠨᠢ ᠤᠯᠢᠶᠠᠰᠤ ᠶᠢᠨ ᠭᠤᠤᠯ ︵ᠤᠳᠤ ᠶᠢᠨ ᠱᠠᠬᠳᠠᠷ ᠪᠠᠯᠭᠠᠰᠤᠨ ᠤ ᠤᠯᠢᠶᠠᠰᠤ ᠳᠤᠰᠬᠤᠨ︶ ᠳᠤ ᠨᠡᠬᠦᠵᠡᠢ᠃ ᠵᠠᠨᠠᠭᠠᠷᠤᠳᠢ ᠵᠡᠬᠦᠨ ᠭᠠᠷᠤᠨ ᠡᠮᠤᠨᠡᠳᠤ ᠬᠤᠰᠢᠭᠤᠨ ᠤ ᠵᠠᠰᠠᠭ ᠤᠨ ᠳᠠᠮᠠᠭ᠎ᠠ ᠶᠢ ᠡᠵᠡᠮᠳᠡᠵᠤ ᠪᠠᠶᠢᠬᠰᠠᠨ ᠴᠠᠭ ᠲᠤ᠂  ᠳᠤᠯᠤᠭᠠᠨ ᠤᠷᠳᠤ ︵ᠤᠳᠤ ᠶᠢᠨ ᠪᠤᠷᠤᠳᠤᠬᠤᠢ ᠰᠤᠮᠤᠨ ᠤ  ᠬᠤᠸᠠ ᠵᠢᠶᠠᠨ ᠳᠤᠰᠬᠤᠨ︶ ᠶᠢᠨ  ︽ᠳᠤᠯᠤᠭᠠᠨ ᠢᠰᠡᠭᠡᠢ ᠭᠡᠷ︾ ᠲᠤ ᠠᠯᠪᠠᠯᠠᠵᠤ ᠪᠠᠶᠢᠬᠰᠠᠨ ᠶᠤᠮ︔  ᠪᠦᠷᠢᠨ ᠵᠠᠰᠠᠬᠴᠢ ᠶᠢᠨ ᠳᠡᠷᠢᠬᠦᠨ ᠤᠨ ︵1862 ᠤᠨ︶ ᠳᠤ ᠳ᠋ᠠ ᠶᠢᠩ ᠫᠠᠨ ︵ᠤᠳᠤ ᠶᠢᠨ ᠪᠤᠷᠤᠳᠤᠬᠤᠢ ᠰᠤᠮᠤᠨ ᠤ ᠬᠤᠸᠠ ᠵᠢᠶᠠᠨ ᠳᠤᠰᠬᠤᠨ︶ ᠳᠤ ᠳᠤᠬᠳᠠᠮᠠᠯ ᠠᠯᠪᠠᠯᠠᠬᠤ ᠭᠠᠵᠠᠷ ᠭᠠᠷᠭᠠᠬᠰᠠᠨ ᠪᠠᠶᠢᠨ᠎ᠠ︔ ᠪᠦᠷᠢᠨ ᠵᠠᠰᠠᠬᠴᠢ ᠶᠢᠨ ᠵᠢᠷᠭᠤᠳᠤᠭᠠᠷ ᠤᠨ ᠳᠤ᠂  ᠳᠡᠷᠡ ᠳᠠᠶᠢᠨ ᠳᠤ ᠮᠤᠷᠳᠠᠭᠠᠳ ᠭᠠᠪᠢᠶ᠎ᠠ ᠪᠠᠶᠢᠭᠤᠯᠤᠬᠰᠠᠨ ᠳᠤ᠂ ᠴᠢᠩ ᠤᠯᠤᠰ ᠤᠨ ᠬᠠᠭᠠᠨ ᠤᠬᠰᠠᠭᠠᠳᠠᠨ ᠤ ᠬᠤᠰᠢᠭᠤᠳ ᠵᠢᠶᠦ᠋ᠨ ᠸᠠᠩ ᠤᠨ ᠬᠤᠶᠠᠷ ᠬᠤᠱᠤᠢ ᠭᠡᠭᠡ ᠶᠢ ᠳᠤᠤᠷᠠᠳᠤ ᠬᠦᠮᠤᠨ ᠳᠤ ᠮᠤᠷᠳᠠᠭᠤᠯᠤᠨ ᠳᠡᠬᠦᠨ ᠤ ᠭᠤᠷᠪᠠᠳᠤᠭᠠᠷ᠂ ᠳᠦᠷᠪᠡᠳᠤᠭᠡᠷ ᠬᠦᠪᠡᠬᠦᠨ ᠳᠤ ᠬᠠᠶᠢᠷᠠᠯᠠᠵᠤ᠂ ᠳᠠᠷᠠᠭ᠎ᠠ ᠵᠢᠯ ᠳᠤᠨᠢ ᠬᠤᠶᠠᠷ ᠬᠤᠱᠤᠢ ᠭᠡᠭᠡ ᠶᠢ ᠤᠬᠳᠤᠬᠤ ᠶᠢᠨ ᠳᠤᠰᠠᠳᠠ ᠬᠠᠭᠤᠴᠢᠨ ᠤᠷᠳᠤᠨ ᠤ ᠵᠡᠬᠦᠨ ᠬᠤᠶᠢᠳᠤ ᠳᠠᠯ᠎ᠠ ᠶᠢᠨ ᠵᠠᠭᠤ ᠢᠯᠡᠬᠦᠦ ᠮᠧᠲᠷ ᠤᠨ ᠵᠠᠶᠢᠳᠠᠢ ᠰᠢᠨ᠎ᠠ ᠸᠠᠩ ᠤᠨ ᠤᠷᠳᠤᠨ ᠢ ᠪᠠᠶᠢᠭᠤᠯᠵᠤ᠂  ᠬᠠᠭᠤᠴᠢᠨ ᠤᠷᠳᠤᠨ ᠢ ᠬᠤᠰᠢᠭᠤ ᠶᠠᠮᠤᠨ ᠪᠤᠯᠭᠠᠬᠰᠠᠨ ᠪᠠᠶᠢᠨ᠎ᠠ︔ ᠪᠠᠳᠠᠷᠠᠭᠤᠯᠳᠤ ᠳᠦᠷᠦ ᠶᠢᠨ ᠭᠤᠷᠪᠠᠳᠤᠭᠠᠷ ᠤᠨ ︵1877 ᠤᠨ︶ ᠳᠤ᠂  ᠪᠠᠰᠠ ᠰᠢᠨ᠎ᠠ ᠸᠠᠩ ᠤᠨ ᠤᠷᠳᠤᠨ ᠤ ᠪᠠᠷᠠᠭᠤᠨ ᠬᠤᠶᠢᠳᠤ ᠳᠠᠯ᠎ᠠ ᠶᠢᠨ ᠨᠢᠭᠡᠨ ᠤ ᠭᠠᠵᠠᠷ ᠲᠤ ᠸᠠᠩ ᠤᠨ ᠤᠷᠳᠤᠨ ᠤ ᠴᠡᠴᠡᠷᠯᠢᠭ ᠪᠠᠶᠢᠭᠤᠯᠤᠬᠰᠠᠨ ᠪᠠᠶᠢᠨ᠎ᠠ᠃ ᠸᠠᠩ ᠤᠨ ᠤᠷᠳᠤᠨ ᠪᠠᠶᠢᠭᠤᠯᠤᠬᠳᠠᠬᠰᠠᠨ ᠤ ᠳᠠᠷᠠᠭ᠎ᠠ᠂  ᠵᠢᠯ ᠪᠤᠯᠭᠠᠨ ᠠᠳᠡ ᠳᠠᠮᠠᠭ᠎ᠠ  ᠶᠢᠨ ᠭᠠᠵᠠᠷ ᠨᠡᠭᠡᠭᠡᠬᠦ᠂ ᠳᠠᠮᠠᠭ᠎ᠠ ᠶᠢᠨ ᠭᠠᠵᠠᠷ ᠢ ᠪᠢᠳᠡᠬᠦᠮᠵᠢᠯᠡᠬᠦ ᠪᠠ ᠨᠠᠭᠠᠳᠤᠮ ᠤᠨ ᠬᠤᠷᠠᠯ ᠬᠢᠵᠤ᠂  ᠵᠡᠬᠦᠨ ᠭᠠᠷᠤᠨ ᠡᠮᠤᠨᠡᠳᠤ ᠬᠤᠰᠢᠭᠤᠨ ᠤ ᠵᠠᠰᠠᠭ ᠸᠠᠩ ᠤᠨ ᠡᠷᠭᠡ ᠰᠦᠷ ᠢ ᠪᠠᠳᠠᠷᠠᠭᠤᠯᠵᠤ ᠪᠠᠶᠢᠬᠰᠠᠨ ᠪᠠᠶᠢᠨ᠎ᠠ᠃     ᠪᠦᠷᠢᠨ ᠵᠠᠰᠠᠬᠴᠢ ᠶᠢᠨ ᠠᠷᠪᠠᠨ ᠭᠤᠷᠪᠠᠳᠤᠭᠠᠷ ᠤᠨ ︵ᠨᠡᠶᠢᠳᠡ ᠶᠢᠨ ᠤᠨ ᠳᠤᠭᠠᠯᠠᠯ ᠤᠨ 1874 ᠤᠨ︶ ᠳᠤ᠂  ᠵᠠᠨᠠᠭᠠᠷᠤᠳᠢ ᠨᠡᠶᠢᠰᠯᠡᠯ ᠳᠤ ᠤᠷᠤᠵᠤ ᠪᠤᠴᠠᠬᠤ ᠵᠠᠮ ᠳᠠᠭᠠᠨ ᠴᠠᠬᠠᠷ ᠤᠨ ᠪᠠᠷᠠᠭᠤᠨ ᠳᠤᠬᠤᠢ ᠶᠢᠨ ᠳᠤᠰᠬᠤᠨ ᠢᠶᠠᠷ ᠦᠩᠭᠡᠷᠡᠵᠤ᠂ ᠮᠠᠷᠢᠶᠠ ᠡᠵᠢ ᠱᠧᠩ ᠰᠢᠨ ᠬᠤᠢ ᠺᠠᠲ᠋ᠤᠯᠢᠭ ᠤᠨ ᠰᠦᠮ᠎ᠠ ᠶᠢ ᠳᠤᠭᠤᠷᠢᠨ ᠦᠵᠡᠵᠤ᠂  ᠬᠠᠯᠠᠭᠤᠮᠰᠤᠭ ᠢᠶᠠᠷ ᠵᠤᠴᠢᠯᠠᠭᠤᠯᠵᠤ᠂  ᠱᠠᠰᠢᠨ ᠳᠡᠯᠭᠡᠷᠡᠬᠦᠯᠦᠭᠴᠢ ᠶᠢᠨ ᠵᠡᠬᠦᠠᠭᠠᠷ ᠬᠤᠰᠢᠭᠤᠨ ᠳᠤ ᠢᠷᠡᠵᠤ ᠱᠠᠰᠢᠨ ᠳᠡᠯᠭᠡᠷᠡᠬᠦᠯᠬᠦ ᠶᠢ ᠵᠦᠪᠰᠢᠶᠡᠷᠡᠭᠰᠡᠨ ᠪᠠᠶᠢᠨ᠎ᠠ᠃ ᠪᠠᠳᠠᠷᠠᠭᠤᠯᠳᠤ ᠳᠦᠷᠦ ᠶᠢᠨ ᠳᠡᠷᠢᠬᠦᠨ ᠤᠨ ︵1875 ᠤᠨ︶ ᠳᠤ᠂ ᠺᠠᠲ᠋ᠤᠯᠢᠭ ᠱᠠᠰᠢᠨ ᠤ ᠮᠠᠷᠢᠶᠠ ᠡᠵᠢ ᠱᠧᠩ ᠰᠢᠨ ᠬᠤᠢ ᠵᠡᠬᠦᠠᠭᠠᠷ ᠬᠤᠰᠢᠭᠤᠨ ᠤ ᠡᠯ ᠵᠢᠶᠠ ᠮᠠ ᠯᠢᠶᠠᠩ ᠰᠠᠨ ᠪᠠ ᠴᠧᠩ ᠲᠠ ︵ᠤᠳᠤ ᠶᠢᠨ ᠪᠤᠷᠤᠳᠤᠬᠤᠢ ᠰᠤᠮᠤᠨ ᠤ ᠯᠢᠤ ᠵᠢᠶᠠ ᠲᠠ ᠳᠤᠰᠬᠤᠨ︶ ᠳᠤ ᠺᠠᠲ᠋ᠤᠯᠢᠭ ᠤᠨ ᠰᠦᠮ᠎ᠠ ᠶᠢ ᠪᠠᠶᠢᠭᠤᠯᠵᠤ᠂ ᠪᠧᠯᠬᠢ ᠶᠢᠨ ᠪᠠᠭᠰᠢ ᠳ᠋ᠧ ᠮᠢᠩ ᠢᠤᠢ ᠵᠡᠬᠦᠠᠭᠠᠷ ᠬᠤᠰᠢᠭᠤᠨ ᠳᠤ ᠡᠬᠢᠯᠡᠨ ᠱᠠᠰᠢᠨ ᠳᠡᠯᠭᠡᠷᠡᠬᠦᠯᠦᠭᠰᠡᠨ ᠪᠠᠶᠢᠨ᠎ᠠ᠃     ᠪᠠᠳᠠᠷᠠᠭᠤᠯᠳᠤ ᠳᠦᠷᠦ ᠶᠢᠨ ᠬᠤᠷᠢᠨ ᠵᠢᠷᠭᠤᠳᠤᠭᠠᠷ ᠤᠨ ︵1900 ᠤᠨ︶ ᠤ ᠶᠢᠰᠦᠳᠦᠭᠡᠷ ᠰᠠᠷ᠎ᠠ ᠶᠢᠨ ᠠᠷᠪᠠᠨ ᠳᠤᠯᠤᠭᠠᠨ ᠳᠤ᠂  ᠵᠠᠨᠠᠭᠠᠷᠤᠳᠢ 69 ᠨᠠᠰᠤᠳᠠᠢ ᠳᠠᠭᠠᠨ ᠨᠠᠰᠤ ᠪᠠᠷᠠᠪᠠ᠃
ᠢᠷᠡᠯᠲᠡ᠄ ᠲᠤᠰ ᠰᠦᠯᠵᠢᠶ᠎ᠡ