ᠭᠠᠳᠠᠭᠠᠳᠤ ᠲᠤᠳᠤᠭᠠᠳᠤ ᠳᠤ ᠠᠯᠳᠠᠷᠰᠢᠬᠰᠠᠨ ᠵᠡᠭᠦᠨᠭᠠᠷ ᠬᠤᠰᠢᠭᠤᠨ ᠤ ᠴᠤᠯᠤ ᠭᠠᠷ ᠨᠡᠭᠡᠮᠡᠯ ᠤᠨ ᠭᠡᠪᠢᠰ ᠨᠢ ᠭᠡᠳᠦᠨ ᠦᠶ᠎ᠠ ᠶᠢᠨ ᠵᠡᠭᠦᠨᠭᠠᠷᠴᠤᠳ ᠤᠨ | ᠲᠤᠷᠠᠰᠤᠮᠵᠢ ᠶᠢ ᠠᠴᠢᠶᠠᠯᠠᠵᠤ ᠪᠠᠶᠢᠳᠠᠭ ᠰᠠᠨ᠃ ᠲᠡᠭᠡᠭᠦ ᠳᠡᠭᠡᠨ ᠠᠵᠤ ᠠᠬᠤᠢ ᠨᠡᠶᠢᠭᠡᠮ ᠤᠨ ᠦᠳᠳᠡᠷ ᠲᠦᠷᠭᠡᠨ ᠭᠦᠭᠵᠢᠯᠳᠠ ᠶᠢ ᠲᠠᠭᠠᠯᠳᠤᠭᠠᠳ ᠨᠢᠭᠡᠨ ᠦᠶ᠎ᠠ | ᠮᠠᠰᠢ ᠲᠡᠯᠭᠡᠷᠡᠵᠤ ᠪᠠᠶᠢᠬᠰᠠᠨ ᠵᠡᠭᠦᠨᠭᠠᠷ ᠬᠤᠰᠢᠭᠤᠨ ᠤ ᠴᠤᠯᠤ ᠭᠠᠷ ᠨᠡᠭᠡᠮᠡᠯ ᠤᠨ ᠭᠡᠪᠢᠰ ᠨᠢ ᠵᠠᠬ᠎ᠠ ᠲᠡᠯᠭᠡᠭᠦᠷ ᠤᠨ ᠨᠦᠯᠦᠭᠡᠯᠡᠯ ᠳᠤ ᠠᠪᠳᠠᠵᠤ ᠤᠷᠤᠭᠤᠳᠠᠯ ᠤᠨ ᠵᠠᠮ | ᠳᠤ ᠤᠷᠤᠬᠰᠠᠨ ᠪᠢᠯᠠ᠃ ᠡᠳᠡᠭᠡᠷ ᠭᠦᠴᠢᠷ ᠪᠡᠷᠭᠡ ᠶᠢᠨ ᠡᠮᠤᠨ᠎ᠠ᠂ ᠨᠠᠰᠤᠨ ᠲᠤᠷᠰᠢᠳᠠ ᠭᠡᠪᠢᠰ ᠤᠨ ᠦᠢᠯᠡᠰ ᠲᠠᠢ ᠬᠤᠪᠢ ᠵᠠᠶᠠᠭ᠎ᠠ ᠪᠠᠨ ᠬᠤᠯᠪᠤᠬᠰᠠᠨ ᠸᠠᠩ ᠶᠢᠨ | ᠯᠢ ᠢᠳᠡᠪᠭᠢᠳᠠᠢ ᠪᠠᠷ ᠰᠢᠨᠠᠴᠢᠯᠠᠯᠳᠠ ᠭᠢᠵᠤ᠂ ᠤᠯᠠᠮᠵᠢᠯᠠᠯᠳᠤ ᠭᠠᠷ ᠤᠷᠠᠯᠠᠯ ᠪᠠ ᠤᠳᠤ ᠦᠶ᠎ᠠ ᠶᠢᠨ ᠰᠢᠨᠵᠢᠯᠡᠭᠦ ᠤᠬᠠᠭᠠᠨ ᠮᠡᠷᠭᠡᠵᠢᠯ ᠢ ᠤᠶᠠᠯᠳᠤᠭᠤᠯᠵᠤ᠂ ᠵᠡᠭᠦᠨᠭᠠᠷ | ᠬᠤᠰᠢᠭᠤᠨ ᠤ ᠴᠤᠯᠤ ᠭᠠᠷ ᠨᠡᠭᠡᠮᠡᠯ ᠤᠨ ᠭᠡᠪᠢᠰ ᠢ ᠲᠠᠭᠢᠨ ᠠᠮᠢᠯᠠᠭᠤᠯᠵᠤ᠂ ᠭᠦᠭᠵᠢᠯᠳᠠ ᠶᠢᠨ ᠰᠢᠨ᠎ᠠ ᠵᠠᠮ ᠢ ᠨᠡᠭᠡᠭᠡᠭᠰᠡᠨ ᠪᠠᠶᠢᠨ᠎ᠠ᠃ | ᠵᠡᠭᠦᠨᠭᠠᠷ ᠠᠵᠤ ᠠᠬᠤᠢ ᠶᠢᠨ ᠨᠡᠭᠡᠭᠡᠯᠳᠠ ᠶᠢᠨ ᠤᠷᠤᠨ ᠳᠤ ᠪᠠᠶᠢᠭ᠎ᠠ ᠵᠦᠨ ᠯᠢ ᠭᠡᠪᠢᠰ ᠤᠨ ᠭᠢᠵᠠᠭᠠᠷᠳᠤ ᠺᠤᠮᠫᠠᠨᠢ ᠳᠤ᠂ ᠰᠤᠷᠪᠤᠯᠵᠢᠯᠠᠬᠴᠢ ᠤᠯᠠᠮᠵᠢᠯᠠᠯᠳᠤ | ᠭᠠᠷ ᠦᠢᠯᠡᠳᠭᠡᠯ ᠤᠨ ᠲᠠᠰᠤᠭ ᠨᠢ ᠤᠳᠤᠭᠢᠴᠢᠯᠠᠬᠰᠠᠨ ᠦᠢᠯᠡᠳᠪᠤᠷᠢᠯᠠᠯ ᠤᠨ ᠲᠠᠰᠤᠭ ᠢᠶᠠᠷ ᠤᠷᠤᠯᠠᠬᠳᠠᠬᠰᠠᠨ ᠢ ᠤᠯᠵᠤ ᠬᠠᠷᠠᠯ᠎ᠠ᠃ ᠨᠡᠭᠡᠮᠡᠯ ᠤᠨ ᠲᠠᠰᠤᠭ ᠲᠤ᠂ | ᠭᠡᠪᠢᠰ ᠨᠡᠭᠡᠭᠦ ᠮᠠᠰᠢᠨ ᠢ ᠲᠡᠷᠢ ᠲᠡᠭᠰᠢ ᠪᠠᠶᠢᠷᠢᠯᠠᠭᠤᠯᠵᠤ᠂ ᠠᠵᠢᠯᠴᠢᠨ ᠮᠠᠰᠢᠨ ᠤ ᠬᠠᠵᠠᠭᠤ ᠳᠤ ᠵᠤᠬᠰᠤᠭᠠᠳ ᠰᠢᠷᠭᠡᠭ ᠰᠢᠷᠭᠡᠭ ᠨᠤᠯᠤᠤᠭᠤᠷ ᠤᠨ ᠤᠳᠠᠰᠤ ᠶᠢ | ᠲᠠᠳᠮᠠᠭᠠᠢ ᠰᠦᠯᠵᠢᠵᠤ᠂ ᠶᠡᠭᠡᠮᠰᠦᠭ ᠭᠤᠶᠤ ᠭᠡᠪᠢᠰ ᠨᠡᠭᠡᠵᠤ ᠭᠠᠷᠭᠠᠨ᠎ᠠ᠃ | | ︽ᠤᠤᠯ ᠳᠠᠭᠠᠨ 3.8 ᠮᠧᠲᠷ ᠤᠨ ᠮᠠᠰᠢᠨ ᠳᠤ 5 ᠭᠦᠮᠦᠨ ᠠᠵᠢᠯᠯᠠᠵᠤ ᠪᠠᠶᠢᠬᠰᠠᠨ᠂ 5 ᠭᠦᠮᠦᠨ ᠨᠢᠭᠡ ᠭᠡᠪᠢᠰ ᠢ ᠲᠦᠷᠪᠡ ᠲᠠᠪᠤᠨ ᠰᠠᠷ᠎ᠠ ᠨᠡᠭᠡᠳᠡᠭ ᠪᠠᠶᠢᠪᠠ | ᠂ ᠴᠠᠭ ᠪᠠᠷᠠᠬᠤ ᠮᠦᠷᠳᠡᠭᠡᠨ ᠪᠠᠰᠠ ᠭᠦᠴᠦ ᠪᠠᠷᠠᠨ᠎ᠠ᠃ ᠤᠳᠤ ᠨᠢᠭᠡ ᠭᠡᠪᠢᠰ ᠢ 1 ᠭᠦᠮᠦᠨ 1 ᠰᠠᠷ᠎ᠠ ᠭᠠᠷᠤᠢ ᠨᠡᠭᠡᠨᠠ᠂ ᠦᠷ᠎ᠠ ᠪᠦᠳᠦᠮᠵᠢ ᠶᠢ ᠶᠡᠭᠡ ᠪᠠᠷ | ᠲᠡᠭᠡᠭᠰᠢᠯᠡᠭᠦᠯᠦᠭᠰᠡᠨ ᠰᠢᠦ︾ ᠭᠡᠵᠤ ᠵᠡᠭᠦᠨᠭᠠᠷ ᠬᠤᠰᠢᠭᠤᠨ ᠤ ᠵᠦᠨ ᠯᠢ ᠭᠡᠪᠢᠰ ᠤᠨ ᠭᠢᠵᠠᠭᠠᠷᠳᠤ ᠺᠤᠮᠫᠠᠨᠢ ᠶᠢᠨ ᠶᠡᠷᠦᠩᠭᠡᠢ ᠲᠠᠭᠠᠭᠠᠮᠠᠯ ᠸᠠᠩ ᠶᠢᠨ ᠯᠢ | ᠰᠤᠷᠪᠤᠯᠵᠢᠯᠠᠬᠴᠢ ᠳᠤ ᠲᠠᠨᠢᠯᠴᠠᠭᠤᠯᠤᠨ᠎ᠠ᠃ ᠲᠡᠭᠦᠨ ᠤ ᠭᠡᠯᠡᠭᠦ ᠪᠠᠷ᠂ ᠤᠯᠠᠮᠵᠢᠯᠠᠯᠳᠤ ᠭᠠᠷ ᠨᠡᠭᠡᠮᠡᠯ ᠤᠨ ᠵᠢᠶᠠᠰᠠ ᠲᠠᠢ ᠠᠳᠠᠯᠢ ᠦᠭᠡᠢ ᠨᠢ ᠭᠡᠪᠡᠯ᠂ ᠡᠨᠡ ᠭᠦ | ᠮᠠᠰᠢᠨ ᠢ ᠰᠤᠳᠤᠯᠭᠠᠨ ᠢᠶᠠᠷ ᠲᠠᠮᠵᠢᠭᠤᠯᠵᠤ ᠦᠭᠡᠷᠡᠴᠢᠯᠠᠨ ᠰᠠᠶᠢᠵᠢᠷᠠᠭᠤᠯᠤᠬᠰᠠᠨ ᠰᠢᠨ᠎ᠠ ᠲᠦᠷᠦᠯ ᠵᠦᠢᠯ ᠪᠠᠶᠢᠵᠤ᠂ ᠲᠡᠷᠠ ᠨᠢ ᠤᠳᠤ ᠦᠶ᠎ᠠ ᠶᠢᠨ ᠰᠢᠨᠵᠢᠯᠡᠭᠦ | ᠤᠬᠠᠭᠠᠨ ᠮᠡᠷᠭᠡᠵᠢᠯ ᠢ ᠤᠯᠠᠮᠵᠢᠯᠠᠯᠳᠤ ᠭᠠᠷ ᠤᠷᠠᠯᠠᠯ ᠳᠤ ᠠᠭᠤᠰᠤᠯᠴᠠᠭᠤᠯᠵᠤ᠂ ᠴᠤᠯᠤ ᠭᠠᠷ ᠨᠡᠭᠡᠮᠡᠯ ᠤᠨ ᠶᠠᠰᠤ ᠴᠢᠨᠠᠷ ᠢ ᠪᠠᠳᠤᠯᠠᠬᠤ ᠶᠢᠨ ᠬᠠᠮᠳᠤ | ᠦᠢᠯᠡᠳᠪᠤᠷᠢᠯᠠᠯ ᠤᠨ ᠦᠷ᠎ᠠ ᠪᠦᠳᠦᠮᠵᠢ ᠶᠢ ᠲᠡᠭᠡᠭᠰᠢᠯᠡᠭᠦᠯᠵᠤ᠂ ᠭᠦᠳᠡᠯᠮᠤᠷᠢ ᠭᠦᠴᠦ ᠶᠢ ᠠᠷᠪᠢᠯᠠᠬᠰᠠᠨ ᠪᠠᠶᠢᠨ᠎ᠠ ᠭᠡᠵᠡᠢ᠃ | ︽ᠪᠢᠳᠠ ᠤᠤᠯ ᠨᠢ ᠭᠢᠳᠤᠭ᠎ᠠ ᠪᠠᠷᠢᠭᠠᠳ ᠨᠡᠭᠡᠳᠡᠭ ᠪᠠᠶᠢᠬᠰᠠᠨ᠂ ᠤᠳᠤ ᠮᠠᠰᠢᠨ ᠢᠶᠠᠷ ᠨᠡᠭᠡᠴᠢᠭᠡᠨᠠ᠂ ᠤᠤᠯ ᠠᠴᠠ ᠪᠠᠨ ᠬᠤᠯᠠ ᠬᠤᠷᠳᠤᠨ ᠪᠤᠯᠤᠬᠰᠠᠨ ᠮᠦᠷᠳᠡᠭᠡᠨ | ᠨᠠᠷᠢᠯᠢᠭ᠌ ᠪᠤᠯᠵᠠᠢ᠃ ᠤᠤᠯ ᠳᠠᠭᠠᠨ ᠭᠡᠪᠢᠰ ᠨᠡᠭᠡᠭᠦ ᠳᠤ ᠲᠤᠩ ᠶᠠᠳᠠᠷᠠᠳᠠᠭ ᠪᠠᠶᠢᠪᠠ᠂ ᠤᠳᠤ ᠲᠡᠭᠡᠵᠤ ᠶᠠᠳᠠᠷᠠᠬᠤ ᠦᠭᠡᠢ ᠪᠤᠯᠤᠬᠰᠠᠨ︾ ᠭᠡᠵᠤ ᠵᠦᠨ ᠯᠢ ᠭᠡᠪᠢᠰ ᠤᠨ | ᠭᠢᠵᠠᠭᠠᠷᠳᠤ ᠺᠤᠮᠫᠠᠨᠢ ᠶᠢᠨ ᠠᠵᠢᠯᠳᠠᠨ ᠯᠢᠦ ᠯᠠᠨ ᠵᠦ ᠰᠤᠷᠪᠤᠯᠵᠢᠯᠠᠬᠴᠢ ᠳᠤ ᠶᠠᠷᠢᠨ᠎ᠠ᠃ | ᠸᠠᠩ ᠶᠢᠨ ᠯᠢ ᠪᠤᠯ ᠡᠨᠡ ᠺᠤᠮᠫᠠᠨᠢ ᠶᠢ ᠡᠭᠦᠰᠭᠡᠨ ᠪᠠᠶᠢᠭᠤᠯᠤᠬᠴᠢ ᠶᠤᠮ᠃ 1986 ᠤᠨ ᠳᠤ ᠲᠡᠷᠠ ᠤᠤᠯ ᠤᠨ ᠵᠡᠭᠦᠨᠭᠠᠷ ᠬᠤᠰᠢᠭᠤᠨ ᠤ ᠦᠨᠳᠦᠰᠦᠳᠠᠨ ᠤ | ᠭᠡᠪᠢᠰ ᠤᠨ ᠦᠢᠯᠡᠳᠪᠤᠷᠢ ᠳᠤ ᠠᠵᠢᠯᠯᠠᠵᠤ᠂ ᠴᠤᠯᠤ ᠭᠠᠷ ᠨᠡᠭᠡᠮᠡᠯ ᠤᠨ ᠭᠡᠪᠢᠰ ᠲᠠᠢ ᠤᠢᠢᠷᠠᠳᠤᠵᠤ ᠡᠭᠢᠯᠡᠵᠡᠢ᠃ 2001 ᠤᠨ ᠳᠤ ᠭᠡᠪᠢᠰ ᠤᠨ ᠦᠢᠯᠡᠳᠪᠤᠷᠢ | ᠡᠭᠦᠳᠠ ᠪᠠᠨ ᠬᠠᠭᠠᠵᠤ᠂ ᠸᠠᠩ ᠶᠢᠨ ᠯᠢ ᠪᠦᠰᠡᠭᠦᠢ ᠬᠤᠶᠠᠭᠤᠯᠠ ᠪᠠᠨ ᠠᠵᠢᠯ ᠠᠯᠳᠠᠬᠰᠠᠨ ᠪᠠᠶᠢᠨ᠎ᠠ᠃ ᠲᠤᠬᠠᠢ ᠶᠢᠨ ᠦᠶ᠎ᠠ ᠳᠤ᠂ ᠸᠠᠩ ᠶᠢᠨ ᠯᠢ ᠳᠤ ᠶᠠᠭ ᠯᠠ | ᠲᠤᠩᠭᠠᠯᠠᠭ ᠡᠳᠦᠷ ᠠᠶᠤᠩᠭ᠎ᠠ ᠨᠢᠵᠢᠭᠢᠨᠡᠭᠰᠡᠨ ᠮᠠᠳᠤ ᠰᠠᠨᠠᠬᠳᠠᠵᠤ᠂ ᠠᠮᠢᠳᠤᠷᠠᠯ ᠢᠶᠠᠨ ᠴᠦ ᠠᠷᠭᠠᠴᠠᠬᠤ ᠶᠢᠨ ᠠᠷᠭ᠎ᠠ ᠦᠭᠡᠢ ᠪᠤᠯᠵᠠᠢ᠃ ᠸᠠᠩ ᠶᠢᠨ ᠯᠢ ᠲᠡᠷᠡᠭᠡᠨ | ᠵᠠᠭᠤᠷ᠎ᠠ ᠭᠠᠷ ᠢᠶᠠᠨ ᠨᠤᠬᠤᠯᠠᠨ ᠠᠷᠭ᠎ᠠ ᠪᠠᠷᠠᠬᠳᠠᠵᠤ᠂ ᠶᠠᠭᠠᠭᠢᠬᠤ ᠪᠠᠨ ᠤᠯᠬᠤ ᠦᠭᠡᠢ ᠰᠠᠨᠳᠤᠷᠴᠦ᠂ ᠰᠠᠷ᠎ᠠ ᠪᠤᠯᠤᠯ ᠦᠭᠡᠢ ᠪᠠᠷ ᠦᠰᠦ ᠨᠢ ᠴᠠᠶᠢᠵᠤ᠂ ᠨᠢᠭᠡ | ᠭᠡᠷ ᠤᠨ ᠲᠦᠷᠪᠡᠭᠦᠯᠠ ᠪᠠᠨ ᠭᠡᠳᠦᠨ ᠰᠠᠷ᠎ᠠ ᠲᠤᠳᠤᠷᠭ᠎ᠠ ᠭᠤᠯᠢᠷ ᠤᠯᠵᠤ ᠢᠳᠡᠭᠰᠡᠨ ᠦᠭᠡᠢ᠃ ᠡᠨᠡ ᠪᠠᠶᠢᠳᠠᠯ ᠳᠤ ᠸᠠᠩ ᠶᠢᠨ ᠯᠢ ᠤᠤᠯ ᠤᠨ ᠠᠵᠢᠯ ᠢᠶᠠᠨ ᠵᠠᠯᠭᠠᠵᠤ | ᠭᠢᠭᠦ ᠪᠠᠷ ᠵᠤᠷᠢᠭ ᠰᠢᠭᠤᠳᠴᠦ᠂ ᠭᠡᠪᠢᠰ ᠨᠡᠭᠡᠵᠤ ᠪᠠᠶᠢᠬᠰᠠᠨ ᠠᠴᠠ ᠪᠠᠨ ᠭᠡᠪᠢᠰ ᠬᠤᠳᠠᠯᠳᠤᠵᠤ ᠡᠭᠢᠯᠡᠪᠡ᠃ | ︽ᠤᠤᠯ ᠨᠢ ᠠᠵᠢᠯᠯᠠᠵᠤ ᠪᠠᠶᠢᠬᠤ ᠳᠤ ᠠᠮᠢᠳᠤᠷᠠᠯ ᠢᠶᠠᠨ ᠠᠷᠭᠠᠴᠠᠭᠠᠳᠠᠭ ᠪᠠᠶᠢᠪᠠ᠂ ᠠᠵᠢᠯ ᠠᠯᠳᠠᠬᠰᠠᠨ ᠴᠢᠨᠢ ᠦᠴᠦᠭᠡᠨ ᠴᠦ ᠵᠤᠭᠤᠰ ᠮᠦᠡᠭᠭᠦᠨ ᠤ | ᠢᠷᠠᠯᠳᠠ ᠦᠭᠡᠢ ᠪᠤᠯᠵᠤ ᠠᠷᠭ᠎ᠠ ᠠᠯᠳᠠᠷᠠᠴᠢᠬᠠᠯᠠ᠃ ᠲᠡᠭᠡᠭᠡᠳ ᠭᠦᠭᠡᠬᠤᠳᠠ ᠪᠠᠷ ᠡᠷᠭᠢᠴᠡᠵᠤ ᠦᠵᠡᠭᠡᠳ ᠭᠦᠴᠢᠷ ᠪᠡᠷᠭᠡᠰᠢᠶᠠᠯ ᠲᠠᠢ ᠪᠤᠷᠤᠯᠠᠭᠤᠯᠭ᠎ᠠ ᠲᠠᠨᠢᠯᠴᠠᠭᠤᠯᠬᠤ | ᠠᠵᠢᠯ ᠢᠶᠠᠨ ᠡᠭᠢᠯᠡᠭᠦᠯᠵᠠᠢ︾ ᠭᠡᠵᠤ ᠦᠢᠯᠡᠰ ᠪᠤᠰᠬᠠᠬᠤ ᠦᠶ᠎ᠠ ᠶᠢᠨ ᠭᠦᠴᠢᠷ ᠵᠤᠪᠠᠭᠤᠷᠢ ᠪᠠᠨ ᠡᠷᠭᠢᠴᠡᠭᠦᠯᠭᠦ ᠳᠤ ᠸᠠᠩ ᠶᠢᠨ ᠯᠢ ᠶᠢᠨ ᠨᠢᠳᠤᠨ ᠳᠤᠨᠢ ᠵᠠᠶᠢᠷ | ᠭᠦᠶᠤᠵᠤ ᠪᠠᠶᠢᠪᠠ᠃ | ᠵᠠᠬ᠎ᠠ ᠲᠡᠯᠭᠡᠭᠦᠷ ᠢ ᠰᠠᠶᠢᠨ ᠠᠵᠢᠬᠰᠠᠨ ᠤ ᠲᠠᠷᠠᠭ᠎ᠠ᠂ ᠸᠠᠩ ᠶᠢᠨ ᠯᠢ ᠤᠯᠠᠨ ᠭᠠᠵᠠᠷ ᠲᠤ ᠤᠯᠠ ᠪᠠᠨ ᠡᠯᠡᠭᠡᠳᠡᠯᠠ ᠭᠦᠶᠤᠨ ᠵᠡᠭᠦᠨᠭᠠᠷ ᠬᠤᠰᠢᠭᠤᠨ ᠤ ᠴᠤᠯᠤ | ᠭᠠᠷ ᠨᠡᠭᠡᠮᠡᠯ ᠤᠨ ᠭᠡᠪᠢᠰ ᠢ ᠪᠤᠷᠤᠯᠠᠭᠤᠯᠵᠤ᠂ ᠤᠢᠢᠷ᠎ᠠ ᠠᠴᠠ ᠱᠠᠨᠰᠢ᠂ ᠱᠠᠨ ᠰᠢ᠂ ᠬᠤᠯᠠ ᠠᠴᠠ ᠭᠤᠸᠠᠩᠳᠦ᠋ᠡᠭ᠂ ᠶᠦᠨᠨᠠᠨ ᠳᠤ ᠴᠦ ᠭᠦᠷᠴᠦ᠂ ᠵᠡᠭᠦᠨᠭᠠᠷ ᠤᠨ | ᠴᠤᠯᠤ ᠭᠠᠷ ᠨᠡᠭᠡᠮᠡᠯ ᠤᠨ ᠭᠡᠪᠢᠰ ᠨᠢ ᠸᠠᠩ ᠶᠢᠨ ᠯᠢ ᠶᠢᠨ ᠴᠦᠭᠦᠷᠡᠰᠢ ᠦᠭᠡᠢ ᠴᠢᠷᠮᠠᠶᠢᠯᠠᠭ᠎ᠠ ᠪᠠᠷ ᠲᠠᠮᠵᠢᠨ ᠤᠯᠠᠨ ᠤ ᠲᠠᠭᠠᠰᠢᠶᠠᠯ ᠢ ᠤᠯᠤᠬᠰᠠᠨ ᠪᠠᠶᠢᠨ᠎ᠠ᠃ | 2002 ᠤᠨ ᠳᠤ᠂ ᠲᠡᠷᠠ ᠵᠦᠨ ᠯᠢ ᠭᠡᠪᠢᠰ ᠢ ᠪᠦᠭᠡᠮ ᠢᠶᠠᠷ ᠪᠤᠷᠤᠯᠠᠭᠤᠯᠬᠤ ᠲᠡᠯᠭᠡᠭᠦᠷ ᠢᠶᠠᠨ ᠨᠡᠭᠡᠭᠡᠪᠡ᠃ ᠲᠡᠭᠦᠨ ᠤ ᠲᠠᠶᠢᠴᠢᠯᠠᠯᠭᠠ ᠪᠠᠷ᠂ ᠦᠡᠭᠭᠡᠷᠡᠭᠰᠡᠨ ᠳᠤ | ᠭᠡᠪᠢᠰ ᠤᠨ ᠦᠢᠯᠡᠳᠪᠤᠷᠢ ᠶᠢᠨ ᠠᠵᠢᠯ ᠢᠶᠠᠨ ᠠᠯᠳᠠᠬᠰᠠᠨ ᠠᠵᠢᠯᠳᠠᠳ ᠵᠠᠯᠭᠠᠪᠡᠷ ᠭᠡᠪᠢᠰ ᠤᠨ ᠦᠢᠯᠡᠰ ᠡᠷᠭᠢᠯᠠᠵᠤ᠂ ᠭᠡᠷ ᠪᠦᠯᠢ ᠶᠢᠨ ᠦᠢᠯᠡᠳᠪᠤᠷᠢ ᠶᠢᠨ ᠭᠡᠯᠪᠠᠷᠢ | ᠪᠠᠷ ᠸᠠᠩ ᠶᠢᠨ ᠯᠢ ᠰᠢᠭ ᠶᠢᠨ ᠭᠡᠪᠢᠰ ᠪᠤᠷᠤᠯᠠᠭᠤᠯᠤᠬᠴᠢ ᠳᠤ ᠪᠠᠷᠠᠭ᠎ᠠ ᠬᠠᠨᠭ᠍ᠭᠠᠳᠠᠭ ᠪᠤᠯᠪᠠ᠃ ︽ᠬᠠᠮᠤᠭ ᠰᠠᠶᠢᠨ ᠦᠶ᠎ᠠ ᠳᠤ ᠠᠷᠪᠠᠨ ᠭᠡᠳᠦᠨ ᠮᠤᠵᠢ ᠶᠢᠨ ᠬᠢᠨ | ᠮᠠᠨ ᠤ ᠡ᠊ᠨᠳᠡ ᠠᠴᠠ ᠪᠠᠷᠠᠭ᠎ᠠ ᠠᠪᠬᠤ ᠪᠠᠷ ᠢᠷᠠᠵᠤ ᠪᠠᠶᠢᠬᠰᠠᠨ᠂ ᠬᠠᠮᠤᠭ ᠰᠠᠶᠢᠨ ᠦᠶ᠎ᠠ ᠳᠤ ᠪᠦᠭᠦ ᠬᠤᠰᠢᠭᠤᠨ ᠤ ᠭᠡᠪᠢᠰ ᠤᠨ ᠦᠢᠯᠡᠰ ᠤᠨ ᠶᠡᠷᠦᠩᠭᠡᠢ | ᠦᠢᠯᠡᠳᠪᠤᠷᠢᠯᠠᠯ ᠤᠨ ᠦᠷᠳᠡᠭ 2000 ᠭᠠᠷᠤᠢ ᠲᠦᠮᠠᠨ ᠲᠦᠭᠦᠷᠢᠭ ᠲᠤ ᠭᠦᠷᠴᠦ ᠪᠠᠶᠢᠬᠰᠠᠨ ᠰᠢᠦ︾ ᠭᠡᠵᠤ ᠸᠠᠩ ᠶᠢᠨ ᠯᠢ ᠶᠠᠷᠢᠨ᠎ᠠ᠃ | ︽2008 ᠤᠨ ᠠᠴᠠ 2010 ᠤᠨ ᠤ ᠬᠤᠭᠤᠷᠤᠨᠳᠤ ᠴᠤᠯᠤ ᠭᠠᠷ ᠨᠡᠭᠡᠮᠡᠯ ᠤᠨ ᠭᠡᠪᠢᠰ ᠭᠦᠭᠵᠢᠭᠡᠨ ᠲᠠᠢ ᠪᠠᠶᠢᠵᠠᠢ᠃ 2012 ᠤᠨ ᠪᠤᠯᠬᠤ ᠳᠤ | ᠭᠡᠪᠢᠰ ᠤᠨ ᠪᠤᠷᠤᠯᠠᠭᠤᠯᠭ᠎ᠠ ᠪᠠᠰᠠ ᠮᠠᠭᠤᠳᠠᠵᠤ᠂ ᠭᠡᠪᠢᠰ ᠦᠢᠯᠡᠳᠪᠤᠷᠢᠯᠡᠭᠦ ᠭᠦᠮᠦᠨ ᠤᠯᠠᠮ ᠴᠦᠭᠡᠷᠠᠯᠠ︾ ᠭᠡᠵᠤ ᠸᠠᠩ ᠶᠢᠨ ᠯᠢ ᠲᠠᠨᠢᠯᠴᠠᠭᠤᠯᠤᠨ᠎ᠠ᠃ ᠲᠡᠭᠦᠨ ᠤ | ᠭᠡᠯᠡᠭᠦ ᠪᠠᠷ᠂ ᠴᠤᠯᠤ ᠭᠠᠷ ᠨᠡᠭᠡᠮᠡᠯ ᠤᠨ ᠭᠡᠪᠢᠰ ᠢ ᠦᠢᠯᠡᠳᠪᠤᠷᠢᠯᠡᠭᠦ ᠳᠤ ᠴᠠᠭ ᠪᠠ ᠭᠦᠴᠦ ᠪᠠᠷᠠᠨ᠎ᠠ᠂ ᠦᠢᠯᠡᠳᠪᠤᠷᠢᠯᠠᠯ ᠤᠨ ᠦᠷᠳᠡᠭ ᠦᠨᠳᠦᠷ᠂ ᠪᠤᠷᠤᠯᠠᠭᠤᠯᠭ᠎ᠠ | ᠶᠢᠨ ᠦᠨ᠎ᠠ ᠬᠠᠷᠢᠴᠠᠩᠭᠤᠢ ᠪᠠᠷ ᠦᠨᠳᠦᠷ ᠪᠠᠶᠢᠳᠠᠭ ᠠᠴᠠ ᠪᠤᠷᠤᠯᠠᠭᠤᠯᠭ᠎ᠠ ᠮᠠᠭᠤᠳᠠᠵᠤ ᠡᠭᠢᠯᠡᠭᠰᠡᠨ ᠪᠠᠶᠢᠨ᠎ᠠ ᠭᠡᠵᠡᠢ᠃ | ᠭᠦᠴᠢᠷ ᠪᠡᠷᠭᠡ ᠶᠢᠨ ᠡᠮᠤᠨ᠎ᠠ ᠸᠠᠩ ᠶᠢᠨ ᠯᠢ ᠬᠤᠭᠤᠷᠠᠬᠤ ᠠᠴᠠ ᠪᠢᠰᠢ ᠨᠤᠭᠤᠷᠠᠬᠤ ᠦᠭᠡᠢ ᠵᠤᠷᠢᠭ ᠢ ᠡᠪᠤᠷᠯᠠᠵᠤ ᠤᠷᠤᠬᠰᠢᠯᠠᠬᠰᠠᠭᠠᠷ᠃ ᠭᠡᠳᠦ᠋ᠢᠪᠠᠷ | ᠢᠷᠡᠭᠡᠳᠦᠢ ᠶᠢᠨ ᠵᠠᠬ᠎ᠠ ᠲᠡᠯᠭᠡᠭᠦᠷ ᠤᠨ ᠬᠠᠨᠳᠤᠰᠢ ᠲᠤᠳᠤᠷᠬᠠᠢ ᠦᠭᠡᠢ ᠪᠤᠯᠪᠠᠴᠦ ᠸᠠᠩ ᠶᠢᠨ ᠯᠢ ᠮᠦᠨ ᠯᠠ ᠤᠭ ᠰᠠᠨᠠᠭ᠎ᠠ ᠪᠠᠨ ᠦᠯᠦ ᠮᠠᠷᠳᠠᠨ᠂ ᠵᠡᠭᠦᠨᠭᠠᠷ | ᠬᠤᠰᠢᠭᠤᠨ ᠤ ᠴᠤᠯᠤ ᠭᠠᠷ ᠨᠡᠭᠡᠮᠡᠯ ᠤᠨ ᠭᠡᠪᠢᠰ ᠢ ᠤᠯᠠᠮ ᠰᠠᠶᠢᠨ ᠭᠦᠭᠵᠢᠭᠦᠯᠭᠦ ᠶᠢ ᠭᠦᠰᠡᠭᠰᠡᠭᠡᠷ ᠪᠠᠶᠢᠪᠠ᠃ ᠭᠡᠪᠢᠰ ᠤᠨ ᠦᠢᠯᠡᠳᠪᠤᠷᠢᠯᠠᠯ ᠤᠨ ᠦᠪᠡᠷ ᠤᠨ | ᠦᠷᠳᠡᠭ ᠢ ᠪᠠᠭᠤᠷᠠᠭᠤᠯᠬᠤ ᠶᠢᠨ ᠲᠤᠰᠠᠳᠠ ᠡᠳᠡᠭᠡᠷ ᠵᠢᠯ ᠤᠳ ᠲᠤ ᠬᠤᠷᠠᠮᠳᠤᠭᠤᠯᠤᠬᠰᠠᠨ ᠲᠤᠷᠰᠢᠯᠭ᠎ᠠ ᠳᠠᠭᠠᠨ ᠲᠦᠰᠢᠭᠯᠡᠵᠤ᠂ ᠡᠯᠳᠡᠪ ᠬᠠᠯᠠ ᠶᠢ ᠲᠤᠭᠤᠯᠵᠤ᠂ | ᠱᠠᠨᠳᠦ᠋ᠡᠭ ᠤᠨ ᠭᠡᠪᠢᠰ ᠤᠨ ᠦᠢᠯᠡᠳᠪᠤᠷᠢ ᠲᠠᠢ ᠬᠠᠮᠳᠤᠷᠠᠯᠴᠠᠨ ᠰᠤᠳᠤᠯᠭ᠎ᠠ ᠭᠢᠵᠤ᠂ ᠭᠡᠪᠢᠰ ᠨᠡᠭᠡᠭᠦ ᠮᠠᠰᠢᠨ ᠢ ᠪᠡᠶ᠎ᠠ ᠪᠠᠨ ᠲᠠᠭᠠᠵᠤ ᠰᠢᠨᠠᠴᠢᠯᠠᠭᠡᠳ ᠴᠤᠯᠤ ᠭᠠᠷ | ᠨᠡᠭᠡᠮᠡᠯ ᠤᠨ ᠭᠡᠪᠢᠰ ᠢ ᠬᠠᠭᠠᠰ ᠠᠦ᠋ᠲ᠋ᠤᠴᠢᠯᠠᠨ ᠨᠡᠭᠡᠭᠦ ᠶᠢ ᠪᠡᠶᠡᠯᠡᠭᠦᠯᠵᠤ᠂ ᠦᠢᠯᠡᠳᠪᠤᠷᠢᠯᠠᠯ ᠤᠨ ᠦᠷᠳᠡᠭ ᠢ ᠶᠡᠭᠡ ᠪᠠᠷ ᠪᠠᠭᠤᠷᠠᠭᠤᠯᠤᠬᠰᠠᠨ ᠪᠠᠶᠢᠨ᠎ᠠ᠃ | ︽ᠤᠤᠯ ᠤᠨ ᠵᠢᠵᠢᠭ ᠦᠢᠯᠡᠳᠪᠤᠷᠢ ᠳᠤ ᠶᠡᠭᠡ ᠠᠷᠠᠯᠵᠢᠶ᠎ᠠ ᠭᠢᠵᠤ ᠴᠢᠳᠠᠬᠤ ᠦᠭᠡᠢ᠂ ᠶᠡᠭᠡ ᠭᠡᠮᠵᠢᠶᠠᠨ ᠤ ᠵᠠᠭᠢᠶᠠᠯᠠᠭᠠ ᠶᠢ ᠲᠠᠭᠠᠭᠠᠵᠤ ᠴᠢᠳᠠᠬᠤ ᠦᠭᠡᠢ᠂ | ᠭᠠᠳᠠᠭᠠᠳᠤ ᠳᠤ ᠴᠦ ᠭᠠᠷᠭᠠᠵᠤ ᠴᠢᠳᠠᠬᠤ ᠦᠭᠡᠢ᠂ ᠵᠠᠭᠢᠶᠠᠯᠠᠭᠠ ᠶᠢ ᠭᠦᠯᠢᠶᠠᠨ ᠠᠪᠤᠬᠰᠠᠨ ᠴᠦ ᠪᠠᠷᠠᠭ᠎ᠠ ᠪᠠᠨ ᠲᠤᠰᠢᠶᠠᠵᠤ ᠲᠡᠶᠢᠯᠭᠦ ᠦᠭᠡᠢ ᠪᠠᠶᠢᠪᠠ᠃ ᠤᠳᠤ | ᠠᠳᠠᠯᠢ ᠦᠭᠡᠢ ᠪᠤᠯᠤᠬᠰᠠᠨ᠂ ᠪᠢᠳᠠ ᠡᠨᠡ ᠭᠦ ᠠᠰᠠᠭᠤᠳᠠᠯ ᠢ ᠲᠦᠢᠯᠪᠤᠷᠢᠳᠠᠢ ᠰᠢᠢᠳᠪᠤᠷᠢᠯᠠᠵᠤ᠂ ᠶᠡᠭᠡ ᠭᠡᠮᠵᠢᠶᠠᠨ ᠤ ᠵᠠᠭᠢᠶᠠᠯᠠᠭᠠ ᠶᠢ ᠭᠦᠯᠢᠶᠠᠵᠤ ᠠᠪᠬᠤ ᠪᠤᠯᠪᠠ᠂ | ᠭᠠᠳᠠᠭᠠᠳᠤ ᠳᠤ ᠭᠠᠷᠭᠠᠬᠤ ᠵᠠᠭᠢᠶᠠᠯᠠᠭᠠ ᠶᠢ ᠴᠦ ᠭᠦᠯᠢᠶᠠᠵᠤ ᠠᠪᠴᠢᠬᠠᠨ᠎ᠠ ᠰᠢᠦ︾ ᠭᠡᠵᠤ ᠸᠠᠩ ᠶᠢᠨ ᠯᠢ ᠶᠠᠷᠢᠨ᠎ᠠ᠃ | ᠰᠤᠷᠪᠤᠯᠵᠢᠯᠠᠬᠴᠢ ᠲᠡᠭᠦᠨ ᠠᠴᠠ ᠶᠠᠭᠠᠭᠢᠭᠠᠳ ᠭᠡᠪᠢᠰ ᠨᠡᠭᠡᠭᠦ ᠦᠢᠯᠡᠰ ᠲᠤ ᠡᠶᠢᠮᠦ ᠭᠦᠨ ᠵᠤᠵᠠᠭᠠᠨ ᠬᠠᠶᠢᠷ᠎ᠠ ᠰᠡᠳᠭᠢᠯᠭᠡ ᠲᠠᠢ ᠪᠠᠶᠢᠳᠠᠭ ᠪᠤᠢ᠂ ᠶᠠᠭᠠᠭᠢᠭᠠᠳ | ᠡᠶᠢᠨ ᠭᠦ ᠤᠭ ᠰᠠᠨᠠᠭ᠎ᠠ ᠪᠠᠨ ᠪᠠᠷᠢᠮᠳᠠᠯᠠᠵᠤ ᠢᠷᠡᠭᠰᠡᠨ ᠪᠤᠢ ᠭᠡᠵᠤ ᠠᠰᠠᠭᠤᠬᠤ ᠳᠤ᠂ ᠸᠠᠩ ᠶᠢᠨ ᠯᠢ᠄ ︽ᠭᠢᠵᠤ ᠰᠤᠷᠤᠬᠰᠠᠨ ᠢᠶᠠᠨ ᠭᠢᠵᠤ ᠪᠠᠶᠢᠭ᠎ᠠ ᠨᠢ ᠡᠨᠡ᠂ | ᠭᠡᠪᠢᠰ ᠨᠡᠭᠡᠭᠦ ᠲᠤᠷ᠎ᠠ ᠪᠠᠬ᠎ᠠ ᠲᠠᠢ ᠪᠠᠶᠢᠳᠠᠭ ᠲᠤ ᠪᠠᠶᠢᠭ᠎ᠠ ᠶᠤᠮ᠂ ᠪᠠᠰᠠ ᠵᠡᠭᠦᠨᠭᠠᠷ ᠬᠤᠰᠢᠭᠤᠨ ᠤ ᠭᠠᠷ ᠨᠡᠭᠡᠮᠡᠯ ᠤᠨ ᠭᠡᠪᠢᠰ ᠢ ᠲᠡᠯᠡᠭᠡᠢ ᠳ᠋ᠡᠭᠢᠨ ᠳᠤ ᠪᠤᠷᠤᠯᠠᠭᠤᠯᠬᠤ | ᠭᠦᠰᠡᠯ ᠲᠠᠢ ᠪᠠᠶᠢᠭ᠎ᠠ ᠳᠠᠭᠠᠨ ᠶᠤᠮ︾ ᠭᠡᠵᠤ ᠪᠠᠶᠢᠯ᠎ᠠ᠃ ᠸᠠᠩ ᠶᠢᠨ ᠯᠢ ᠰᠤᠷᠪᠤᠯᠵᠢᠯᠠᠬᠴᠢ ᠳᠤ᠂ ᠤᠳᠤ ᠲᠡᠭᠦᠨ ᠤ ᠰᠢᠨ᠎ᠠ ᠪᠠᠷ ᠪᠠᠶᠢᠭᠤᠯᠤᠬᠰᠠᠨ ᠭᠡᠪᠢᠰ ᠤᠨ | ᠦᠢᠯᠡᠳᠪᠤᠷᠢ ᠨᠢᠭᠡᠨᠳᠠ ᠲᠤᠷᠰᠢᠯᠳᠠ ᠶᠢᠨ ᠠᠵᠢᠯ ᠢᠶᠠᠨ ᠡᠭᠢᠯᠡᠭᠦᠯᠵᠤ᠂ ᠠᠩᠬᠠᠨ ᠤ ᠪᠦᠯᠦᠭ ᠦᠢᠯᠡᠳᠭᠦᠨ ᠢᠶᠠᠨ ᠦᠢᠯᠡᠳᠪᠤᠷᠢᠯᠡᠵᠤ ᠭᠠᠷᠭᠠᠬᠰᠠᠨ ᠤ ᠲᠠᠷᠠᠭ᠎ᠠ ᠶᠡᠭᠡ | ᠭᠡᠮᠵᠢᠶ᠎ᠠ ᠪᠠᠷ ᠵᠠᠬ᠎ᠠ ᠲᠡᠯᠭᠡᠭᠦᠷ ᠲᠤ ᠭᠠᠷᠤᠨ᠎ᠠ᠃ ᠲᠠᠷᠠ ᠦᠢᠯᠡᠳᠪᠤᠷᠢᠯᠡᠭᠦ ᠶᠢᠨ ᠲᠠᠭᠠᠤ ᠦᠷᠭᠦᠯᠵᠢᠯᠠᠨ ᠰᠤᠳᠤᠯᠭᠠᠨ ᠭᠢᠵᠤ᠂ ᠴᠤᠯᠤ ᠭᠠᠷ ᠨᠡᠭᠡᠮᠡᠯ ᠤᠨ ᠭᠡᠪᠢᠰ ᠤᠨ | ᠭᠠᠷ ᠤᠷᠠᠯᠠᠯ ᠢ ᠤᠳᠤ ᠦᠶ᠎ᠠ ᠶᠢᠨ ᠰᠢᠨᠵᠢᠯᠡᠭᠦ ᠤᠬᠠᠭᠠᠨ ᠮᠡᠷᠭᠡᠵᠢᠯ ᠲᠠᠢ ᠠᠭᠤᠰᠤᠯᠴᠠᠭᠤᠯᠵᠤ᠂ ᠵᠡᠭᠦᠨᠭᠠᠷ ᠬᠤᠰᠢᠭᠤᠨ ᠤ ᠴᠤᠯᠤ ᠭᠠᠷ ᠨᠡᠭᠡᠮᠡᠯ ᠤᠨ ᠭᠡᠪᠢᠰ ᠤᠨ | ᠭᠦᠭᠵᠢᠯᠳᠠ ᠶᠢᠨ ᠰᠢᠨ᠎ᠠ ᠵᠠᠮ ᠢ ᠨᠡᠭᠡᠭᠡᠨ᠎ᠠ ᠭᠡᠵᠤ ᠪᠠᠶᠢᠯ᠎ᠠ᠃ | | |