ᠵᠡᠭᠦᠠᠭᠠᠷ ᠬᠤᠰᠢᠭᠤᠨ ᠤ ᠬᠠᠮᠤᠭ ᠠᠩᠬᠠᠨ ᠤ ᠴᠢᠨᠳᠠᠷ ᠢᠶᠠᠨ ᠬᠠᠨᠳᠢᠪᠯᠠᠭᠴᠢ᠂ 35 ᠵᠢᠯ ᠠᠷᠠᠳ ᠤᠨ ᠪᠠᠭᠰᠢ ᠶᠢᠨ ᠤᠶᠢᠯᠡᠰ ᠲᠤ ᠵᠢᠳᠬᠦᠵᠤ ᠶᠠᠪᠤᠬᠰᠠᠨ | ᠯᠢᠤ ᠮᠧᠢ ᠰᠢᠶᠠᠨ ᠡᠯᠢᠭᠡᠨ ᠤ ᠦᠮᠡᠨ ᠳᠤ ᠨᠡᠷᠪᠡᠭᠳᠡᠭᠡᠳ᠂ ᠣᠯᠠᠨ ᠲᠠᠯ᠎ᠠ ᠪᠠᠷ ᠡᠮᠴᠢᠯᠡᠬᠦᠯᠦᠭᠰᠡᠨ ᠴᠦ ᠳᠤᠰᠠ ᠪᠤᠯᠤᠬᠰᠠᠨ ᠦᠭᠡᠢ ᠪᠠᠷ 7 ᠰᠠᠷ᠎ᠠ ᠶᠢᠨ17 ᠤ ᠡᠳᠤᠷ | 54 ᠨᠠᠰᠤᠨ ᠳᠠᠭᠠᠨ ᠵᠤᠯ ᠪᠤᠰᠤ ᠪᠠᠷ ᠡᠨᠡ ᠶᠢᠷᠲᠢᠨᠴᠦ ᠠᠴᠠ ᠦᠨᠢᠳᠡ ᠠᠩᠬᠢᠵᠢᠷᠠᠪᠠ᠃ 7 ᠰᠠᠷ᠎ᠠ ᠶᠢᠨ 28 ᠳᠤ᠂ ᠯᠢᠤ ᠮᠧᠢ ᠰᠢᠶᠠᠨ ᠨᠦᠬᠦᠷ ᠢ ᠭᠠᠰᠢᠭᠤᠳᠠᠬᠤ | ᠬᠤᠷᠠᠯ ᠰᠢᠩ ᠯᠥᠩ ᠵᠡᠭᠡᠯᠢ ᠭᠤᠳᠤᠮᠵᠢ ᠶᠢᠨ ᠭᠡᠷᠡᠭ ᠡᠷᠬᠢᠯᠡᠬᠦ ᠭᠠᠵᠠᠷ ᠤᠨ ᠸᠠᠩ ᠴᠢᠩ ᠲᠠ ᠲᠤᠰᠬᠤᠨ ᠤ ᠰᠢᠥᠢ ᠹᠦ᠋ ᠶᠤᠸᠠᠨ ᠤᠷᠤᠰᠢᠭᠤᠯᠭ᠎ᠠ ᠶᠢᠨ ᠭᠠᠵᠠᠷ ᠲᠤ | ᠶᠠᠪᠤᠭᠳᠠᠪᠠ᠃ ᠯᠢᠤ ᠮᠧᠢ ᠰᠢᠶᠠᠨ ᠤ ᠰᠠᠳᠤᠨ ᠲᠦᠷᠦᠯ᠂ ᠬᠠᠮᠲᠤ ᠰᠤᠷᠤᠯᠭᠠᠲᠠᠨ᠂ ᠰᠤᠷᠤᠭᠴᠢᠳ ᠵᠡᠷᠭᠡ ᠵᠠᠭᠤᠭᠠᠳ ᠬᠦᠮᠦᠨ ᠬᠦᠷᠦᠯᠴᠡᠨ ᠢᠷᠠᠵᠤ ᠂ ᠬᠠᠮᠲᠤ ᠪᠠᠷ | ᠭᠠᠰᠢᠭᠤᠳᠠᠭᠰᠠᠨ ᠪᠠᠶᠢᠨ᠎ᠠ᠃ | ᠭᠠᠰᠢᠭᠤᠳᠠᠯ ᠤᠨ ᠬᠤᠷᠠᠯ ᠨᠢ ᠬᠦᠨᠳᠦ ᠨᠦᠰᠡᠷ ᠭᠠᠰᠢᠭᠤᠳᠠᠯ ᠤᠨ ᠠᠶᠠᠰ ᠳᠤᠮᠳᠠ ᠡᠬᠢᠯᠡᠪᠡ᠃ ᠬᠦᠮᠦᠰ ᠡᠮᠬᠡᠨᠢᠯᠲᠡᠢ ᠰᠡᠳᠬᠢᠯᠭᠡ ᠶᠢ ᠡᠪᠦᠷᠯᠡᠨ᠂ ᠯᠢᠤ ᠮᠧᠢ | ᠰᠢᠶᠠᠨ ᠤ ᠬᠦᠷᠦᠭ ᠤᠨ ᠡᠮᠦᠨ᠎ᠡ ᠭᠠᠰᠢᠭᠤᠳᠠᠯ ᠬᠦᠨᠳᠦᠳᠬᠡᠯ ᠢᠶᠠᠨ ᠢᠯᠡᠷᠬᠡᠶᠢᠯᠡᠬᠦ ᠶᠢᠨ ᠬᠠᠮᠲᠤ ᠭᠤᠷᠪᠠᠨᠲᠠ ᠶᠤᠰᠤᠯᠠᠵᠤ᠂ ᠬᠠᠮᠤᠭ ᠰᠡᠬᠦᠯᠴᠢ ᠶᠢᠨ ᠰᠠᠯᠬᠤ ᠶᠤᠰᠤ | ᠪᠠᠨ ᠬᠦᠢᠴᠡᠳᠭᠡᠨ᠎ᠠ᠃ ᠲᠠᠯᠠᠪᠠᠢ ᠳᠠᠬᠢ ᠴᠠᠭᠠᠷᠢᠭᠲᠤ ᠴᠡᠴᠡᠭ ᠪᠤᠯᠤᠨ ᠭᠠᠰᠢᠭᠤᠳᠠᠯ ᠤᠨ ᠤᠶᠠᠩᠭ᠎ᠠ ᠨᠢ ᠬᠦᠮᠦᠰ ᠤᠨ ᠬᠡᠮᠵᠢᠶᠡᠯᠡᠰᠢ ᠦᠭᠡᠢ ᠦᠭᠡᠶᠢᠯᠡᠨ ᠰᠠᠨᠠᠬᠤ | ᠰᠡᠳᠬᠢᠯᠭᠡ ᠶᠢ ᠢᠯᠡᠷᠡᠬᠦᠯᠵᠤ᠂ ᠯᠢᠤ ᠮᠸᠢ ᠰᠢᠶᠠᠨ ᠤ ᠠᠮᠢᠳᠤ ᠰᠡᠷᠡᠬᠦᠨ ᠪᠠᠶᠢᠬᠤ ᠦᠶ᠎ᠠ ᠶᠢᠨ ᠤᠶᠢᠯᠡ ᠶᠠᠪᠤᠳᠠᠯ ᠨᠢ ᠠᠬᠤᠢ ᠳᠠᠯᠠᠪᠠᠢ ᠳᠤ ᠪᠠᠶᠢᠭ᠎ᠠ ᠠᠯᠢ ᠤᠯᠠᠨ | ᠬᠦᠮᠤᠨ ᠤ ᠰᠡᠳᠬᠢᠯ ᠢ ᠡᠮᠵᠡᠭᠯᠡᠬᠦᠯᠤᠨ ᠤᠶᠠᠷᠠᠭᠤᠯᠵᠤ ᠪᠠᠶᠢᠪᠠ᠃ ᠯᠢᠤ ᠮᠧᠢ ᠰᠢᠶᠠᠨ ᠤ ᠵᠢᠭᠡ ᠦᠬᠢᠨ ᠭᠦᠸᠧ ᠰᠢᠨ ᠰᠢᠩ ᠄ ︽ᠬᠦᠨᠳᠦᠳᠦ ᠬᠠᠶᠢᠷᠠᠲᠤ ᠨᠠᠭᠠᠴᠤ | ᠡᠮᠡᠭᠡ ᠮᠢᠨᠢ ᠶᠠᠪᠤᠴᠢᠬᠠᠯ᠎ᠠ᠂ ᠲᠡᠭᠦᠨ ᠤ ᠡᠨᠡᠷᠢᠩᠭᠦᠢ ᠮᠦᠷᠳᠡᠭᠡᠨ ᠢᠨᠢᠶᠡᠮᠰᠦᠩᠯᠡᠬᠦᠢ ᠳᠦᠷᠢ ᠨᠢ ᠤᠳᠤ ᠴᠦ ᠭᠡᠰᠡᠨ ᠬᠠᠷᠠᠬᠳᠠᠵᠤ ᠪᠠᠶᠢᠮᠠᠷ ᠰᠠᠨᠠᠬᠳᠠᠨ᠎ᠠ᠃ ᠨᠠᠭᠠᠴᠤ | ᠡᠮᠡᠭᠡ ᠮᠢᠨᠢ ᠠᠷᠠᠳ ᠤᠨ ᠪᠠᠭᠰᠢ ᠶᠢᠨ ᠤᠶᠢᠯᠡᠰ ᠲᠤ ᠠᠯᠢᠪᠠ ᠪᠠᠨ ᠵᠤᠷᠢᠭᠤᠯᠵᠤ ᠠᠮᠢ ᠪᠡᠶ᠎ᠡ ᠪᠠᠨ ᠤᠮᠠᠷᠳᠠᠨ ᠠᠵᠢᠯᠯᠠᠬᠰᠠᠭᠠᠷ ᠢᠷᠡᠵᠡᠢ᠃ ᠪᠢ ᠡᠶᠢᠮᠤ ᠨᠠᠭᠠᠴᠤ | ᠡᠮᠡᠭᠡ ᠲᠠᠢ ᠪᠠᠶᠢᠬᠰᠠᠨ ᠳᠠᠭᠠᠨ ᠤᠮᠤᠭᠰᠢᠨ᠎ᠠ᠂ ᠢᠡᠷᠭᠡᠳᠦᠢ ᠶᠢᠨ ᠵᠠᠮ ᠢ ᠲᠡᠷᠡ ᠪᠢᠳᠠᠨ ᠲᠠᠢ ᠬᠠᠮᠲᠤ ᠲᠤᠭᠤᠯᠬᠤ ᠦᠭᠡᠢ ᠪᠤᠯᠪᠠᠴᠤ ᠬᠡᠵᠢᠶᠡᠳᠡ ᠪᠠᠨ ᠪᠢᠳᠠᠨ ᠤ | ᠰᠡᠳᠬᠢᠯ ᠵᠢᠷᠦᠬᠡᠨ ᠳᠤ ᠬᠤᠨᠤᠭᠰᠢᠬᠤ ᠶᠤᠮ᠂ ᠲᠡᠷᠡ ᠪᠤᠯ ᠮᠢᠨᠤ ᠡᠭᠦᠷᠢᠳᠡ ᠶᠢᠨ ᠳᠠᠭᠤᠷᠢᠶᠠᠯ ᠰᠢᠤ︾ ᠭᠡᠮᠡᠨ ᠰᠠᠯᠬᠤ ᠦᠭᠡ ᠪᠠᠨ ᠬᠦᠢᠴᠡᠳᠭᠡᠨ᠎ᠠ᠃ | ᠯᠢᠤ ᠮᠧᠢ ᠰᠢᠶᠠᠨ ᠠᠵᠢᠯ ᠤᠨ ᠪᠠᠶᠢᠷᠢᠨ ᠳᠡᠭᠡᠷ᠎ᠡ ᠪᠠᠨ ᠦᠭᠡ ᠳᠠᠭᠤ ᠦᠭᠡᠢ ᠪᠠᠷ ᠵᠢᠳᠬᠦᠨ᠂ ᠦᠨᠳᠦᠰᠦᠨ ᠱᠠᠲᠤᠨ ᠳᠤ 35 ᠵᠢᠯ ᠪᠠᠭᠰᠢᠯᠠᠵᠤ᠂ ᠬᠦᠳᠡᠭᠡ | ᠲᠤᠰᠬᠤᠨ ᠤ ᠰᠤᠷᠤᠭᠴᠢ ᠪᠠᠭᠠᠴᠤᠳ ᠲᠤ ᠰᠤᠶᠤᠯ ᠮᠡᠳᠡᠯᠭᠡ ᠤᠯᠠᠮᠵᠢᠯᠠᠨ ᠤᠬᠠᠭᠠᠨ ᠰᠠᠨᠠᠭ᠎ᠠ ᠶᠢ ᠨᠢ ᠰᠠᠷᠠᠭᠤᠯᠵᠢᠭᠤᠯᠤᠨ ᠂ ᠶᠠᠳᠠᠭᠤ ᠵᠦᠳᠡᠭᠦᠦ ᠶᠢ ᠲᠡᠳᠬᠦᠨ | ᠬᠠᠯᠠᠮᠵᠢᠯᠠᠵᠤ᠂ ᠰᠤᠷᠭᠠᠨ ᠬᠦᠮᠦᠵᠢᠯ ᠤᠨ ᠦᠢᠯᠡᠰ ᠲᠤ ᠠᠮᠢ ᠪᠠᠶ᠎ᠠ ᠪᠠᠨ ᠬᠠᠷᠠᠮ ᠦᠭᠡᠢ ᠵᠤᠷᠢᠭᠤᠯᠤᠭᠰᠠᠭᠠᠷ ᠢᠷᠡᠪᠡ᠃ ᠥᠩᠭᠡᠷᠡᠭᠰᠡᠨ ᠳᠤ᠂ ᠯᠢᠤ ᠮᠧᠢ ᠰᠢᠶᠠᠨ | ᠰᠤᠷᠭᠠᠭᠤᠯᠢ ᠶᠢᠨ ᠵᠠᠬᠢᠷᠤᠯ᠂ ᠬᠢᠴᠢᠶᠡᠯᠯᠡᠭᠴᠢ ᠪᠠᠭᠰᠢ ᠪᠤᠯᠤᠨ ᠠᠷᠤ ᠲᠠᠯ᠎ᠠ ᠶᠢᠨ ᠠᠵᠢᠯ ᠢ ᠭᠠᠭᠴᠠᠭᠠᠷ ᠢᠶᠠᠨ ᠡᠬᠦᠷᠭᠡᠯᠡᠨ᠂ ᠪᠠᠰᠠ ᠰᠤᠷᠤᠭᠴᠢ ᠳᠠᠭᠠᠨ ︽ᠡᠵᠢ︾ | ᠨᠢ ᠪᠤᠯᠳᠠᠭ ᠪᠠᠶᠢᠪᠠ᠃ ᠲᠡᠷᠡ ᠦᠷᠭᠦᠯᠵᠢ ᠬᠦᠴᠢᠷᠳᠡᠯᠲᠡᠢ ᠰᠤᠷᠤᠭᠴᠢ ᠶᠢ ᠬᠠᠯᠠᠮᠵᠢᠯᠠᠨ ᠲᠡᠳᠡᠨ ᠳᠤ ᠬᠤᠭᠤᠯᠠ ᠪᠤᠳᠠᠭ᠎ᠠ ᠬᠢᠵᠦ ᠦᠭᠬᠦ᠂ ᠭᠠᠯ ᠨᠤᠴᠤᠭᠠᠵᠤ | ᠦᠭᠬᠦ ᠪᠦᠭᠡᠳ ᠪᠠᠰᠠ ᠲᠡᠳᠡᠨ ᠢ ᠡᠭᠦᠷᠴᠦ ᠭᠤᠤᠯ ᠭᠠᠲᠤᠯᠳᠠᠭ ᠪᠠᠶᠢᠪᠠ᠃ ᠰᠤᠷᠭᠠᠨ ᠬᠦᠮᠦᠵᠢᠯ ᠤᠨ ᠠᠵᠢᠯ ᠳᠡᠭᠡᠷ᠎ᠡ ᠲᠡᠷᠡ ᠭᠠᠪᠰᠢᠭᠠᠶᠢᠯᠠᠨ ᠲᠡᠮᠡᠴᠡᠵᠦ | ᠬᠠᠷᠢᠭᠤᠴᠠᠯᠭ᠎ᠠ ᠲᠠᠢ ᠪᠠᠷ ᠠᠵᠢᠯᠯᠠᠬᠰᠠᠨ ᠠᠴᠠ᠂ ᠲᠡᠭᠦᠰᠬᠡᠭᠰᠡᠨ ᠰᠤᠷᠤᠭᠴᠢᠳ ᠤᠨ ᠬᠢᠨᠢ ᠰᠤᠷᠭᠠᠭᠤᠯᠢ ᠳᠤ ᠳᠠᠪᠰᠢᠬᠤ ᠨᠤᠷᠮ᠎ᠠ ᠨᠢ ᠵᠢᠯ ᠪᠤᠯᠭᠠᠨ 100% ᠳᠤ | ᠬᠦᠷᠳᠡᠭ ᠪᠦᠭᠡᠳ ᠣᠯᠠᠨ ᠰᠤᠷᠭᠠᠭᠤᠯᠢ ᠶᠢᠨ ᠲᠤᠲᠤᠷ᠎ᠠ ᠪᠠᠨ ᠦᠵᠦᠬᠦᠷᠯᠡᠭᠰᠡᠭᠡᠷ ᠢᠷᠡᠪᠡ᠃ ᠳᠡᠷᠡᠴᠢᠯᠡᠨ ᠳᠡᠷᠡ ᠪᠠᠰᠠ ᠪᠦᠬᠦ ᠤᠯᠤᠰ ᠤᠨ ᠰᠢᠯᠢᠳᠡᠭ ᠪᠠᠭᠰᠢ᠂ | ᠬᠤᠲᠠ ᠶᠢᠨ ᠳᠡᠰ ᠤᠨ ᠰᠢᠯᠢᠳᠡᠭ ᠨᠠᠮ ᠤᠨ ᠬᠡᠰᠢᠬᠦᠨ᠂ ᠰᠤᠷᠭᠠᠨ ᠬᠦᠮᠦᠵᠢᠯ ᠤᠨ ᠲᠡᠷᠢᠭᠦᠨ ᠤ ᠬᠤᠪᠢ ᠬᠦᠮᠦᠨ ᠵᠡᠷᠭᠡ ᠢᠷᠠᠭᠤ ᠠᠯᠳᠠᠷ ᠢ ᠬᠦᠷᠳᠡᠵᠤ ᠶᠠᠪᠤᠵᠠᠢ᠃ | ᠡᠳᠡᠭᠡᠷ ᠢᠷᠠᠭᠤ ᠠᠯᠳᠠᠷ ᠤᠨ ᠠᠷᠤ ᠳᠤ ᠯᠢᠤ ᠮᠧᠢ ᠰᠢᠶᠠᠨ ᠤ ᠦᠨᠡᠨᠴᠢ ᠴᠠᠭᠠᠪᠤᠷ ᠬᠦᠮᠦᠨ ᠢ ᠤᠶᠠᠷᠠᠭᠤᠯᠤᠮ᠎ᠠ ᠦᠯᠢᠭᠡᠷ ᠶᠠᠪᠤᠳᠠᠯ ᠤᠳ ᠨᠢᠭᠤᠬᠳᠠᠨ᠂ ᠲᠡᠭᠦᠨ ᠤ | ᠰᠤᠷᠭᠠᠨ ᠬᠦᠮᠦᠵᠢᠯ ᠤᠨ ᠦᠢᠯᠡᠰ ᠲᠤ ᠤᠷᠭᠢᠯᠤᠮ᠎ᠠ ᠬᠠᠯᠠᠭᠤᠨ᠂ ᠬᠠᠷᠠᠮ ᠦᠭᠡᠢ ᠰᠡᠳᠬᠢᠯ ᠢ ᠡᠪᠤᠷᠯᠡᠨ ᠠᠵᠢᠯᠯᠠᠵᠤ ᠪᠠᠶᠢᠬᠰᠠᠨ ᠢ ᠭᠡᠷᠡᠴᠢᠯᠡᠭᠰᠡᠨ ᠪᠠᠶᠢᠨ᠎ᠠ᠃ ︽ | ᠲᠡᠷᠡ ᠪᠤᠯ ᠮᠢᠨᠤ ᠡᠵᠢ᠂ ᠮᠦᠨ ᠴᠤ ᠮᠢᠨᠤ ᠠᠴᠢᠲᠠᠨ ᠮᠥᠨ᠃ ᠪᠢᠳᠡ ᠬᠡᠳᠦᠶᠢᠪᠡᠷ ᠴᠢᠰᠤᠨ ᠲᠦᠷᠦᠯ ᠤᠨ ᠬᠠᠷᠢᠴᠠᠭ᠎ᠠ ᠦᠭᠡᠢ ᠴᠤ᠂ ᠲᠦᠷᠦᠭᠰᠡᠨ ᠡᠬᠡ ᠦᠬᠢᠨ | ᠠᠴᠠ ᠴᠤ ᠲᠤᠲᠤᠨᠤ ᠪᠠᠶᠢᠳᠠᠭ᠃ ᠲᠡᠷᠡ ᠨᠠᠳᠠ ᠶᠢ ᠬᠠᠪᠰᠤᠷᠴᠤ ᠰᠤᠷᠭᠠᠭᠤᠯᠢ ᠳᠤ ᠰᠠᠭᠤᠯᠭᠠᠬᠰᠠᠨ ᠮᠦᠷᠲᠡᠭᠡᠨ ᠬᠠᠷᠢ ᠳᠤ ᠮᠤᠷᠳᠠᠭᠤᠯᠵᠤ᠂ ᠬᠡᠦᠬᠡᠳ ᠢ ᠮᠢᠨᠢ | ᠬᠠᠪᠰᠤᠷᠴᠤ ᠬᠠᠷᠠᠭᠠᠯᠵᠠᠵᠤ ᠪᠠᠶᠢᠪᠠ᠃ ᠲᠡᠷᠡ ᠪᠤᠯ ᠮᠢᠨᠤ ᠨᠠᠰᠤᠨ ᠤ ᠳᠠᠭᠤᠷᠢᠶᠠᠯ᠂ ᠮᠢᠨᠤ ᠠᠮᠢ ᠨᠠᠰᠤᠨ ᠤ ᠵᠠᠮ ᠮᠦᠷ ᠢ ᠭᠡᠷᠡᠯᠲᠦᠭᠦᠯᠦᠭᠴᠢ ᠮᠦᠨ᠃ ᠬᠠᠷᠠᠮᠰᠠᠯᠲᠠᠢ | ᠨᠢ᠂ ᠡᠵᠢ ᠮᠢᠨᠢ ᠨᠠᠰᠤ ᠪᠠᠷ ᠢᠶᠠᠨ ᠵᠦᠳᠡᠭᠰᠡᠨ ᠪᠤᠯᠪᠠᠴᠤ ᠬᠡᠳᠦᠨ ᠡᠳᠦᠷ ᠤᠨ ᠵᠢᠷᠭᠠᠯ ᠢ ᠴᠦ ᠡᠳ᠋ᠯᠡᠵᠦ ᠦᠵᠡᠭᠡ ᠦᠭᠡᠢ᠃ ᠲᠡᠷᠡ ᠮᠠᠨᠢ ᠤᠳᠤ ᠮᠠᠨ ᠠᠴᠠ | ᠰᠠᠯᠤᠭᠰᠠᠨ ᠪᠤᠯᠪᠠᠴᠤ ᠡᠭᠦᠷᠢᠳᠡ ᠪᠢᠳᠠᠨ ᠤ ᠰᠡᠳᠬᠢᠯ ᠳᠤ ᠮᠦᠩᠭᠡᠷᠡᠬᠦ ᠶᠤᠮ︾ ᠬᠡᠮᠡᠨ ᠯᠢᠤ ᠮᠧᠢ ᠰᠢᠶᠠᠨ ᠤ ᠦᠬᠢᠨ ᠭᠦᠸᠧ ᠶᠠᠨ ᠯᠢ ᠡᠮᠬᠡᠨᠢᠨ ᠭᠠᠰᠢᠭᠤᠳᠠᠵᠤ | ᠪᠠᠶᠢᠯ᠎ᠠ᠃ | ᠯᠢᠤ ᠮᠧᠢ ᠰᠢᠶᠠᠨ ᠨᠠᠰᠤᠨ ᠳᠠᠭᠠᠨ ᠬᠠᠳᠠᠭᠤ ᠵᠤᠪᠠᠯᠠᠩ ᠢ ᠠᠮᠰᠠᠵᠤ᠂ ᠬᠠᠯᠠᠰᠢᠷᠠᠯ ᠦᠭᠡᠢ ᠵᠢᠳᠬᠦᠨ᠂ ᠬᠠᠷᠠᠮ ᠦᠭᠡᠢ ᠵᠤᠷᠢᠭᠤᠯᠤᠭᠰᠠᠭᠠᠷ ᠢᠷᠡᠵᠡᠢ᠃ | ᠨᠢᠯᠬ᠎ᠠ ᠪᠠᠭ᠎ᠠ ᠳᠠᠭᠠᠨ ᠡᠵᠢ ᠪᠠᠨ ᠠᠯᠳᠠᠭᠰᠠᠨ ᠯᠢᠤ ᠮᠧᠢ ᠰᠢᠶᠠᠨ ᠬᠦᠮᠦᠨ ᠤ ᠠᠮᠢᠳᠤᠷᠠᠯ ᠤᠨ ᠬᠠᠯᠠ ᠵᠤᠪᠠᠯᠠᠩ ᠳᠤ ᠤᠴᠠᠷᠠᠵᠤ᠂ ᠠᠯᠠᠭ ᠬᠤᠷᠸ᠎ᠠ ᠶᠢᠨ ᠬᠠᠯᠠ ᠶᠢ | ᠳᠤᠭᠤᠷᠠᠳᠠᠯᠠ ᠠᠮᠰᠠᠵᠠᠢ᠃ ᠵᠠᠯᠠᠭᠤ ᠽᠠᠨᠳᠠᠨ ᠨᠠᠰᠤᠨ ᠳᠠᠭᠠᠨ ᠪᠠᠭᠰᠢ ᠶᠢᠨ ᠠᠯᠪᠠ ᠲᠠᠢ ᠪᠤᠯᠤᠬᠰᠠᠨ ᠯᠢᠤ ᠮᠧᠢ ᠰᠢᠶᠠᠨ ᠦᠨᠳᠦᠰᠦᠨ ᠱᠠᠲᠤᠨ ᠳᠤ | ᠭᠦᠨᠵᠡᠬᠡᠶᠢᠷᠡᠵᠦ᠂ ᠪᠦᠬᠦ ᠬᠦᠷᠦᠩᠭᠡ ᠪᠠᠨ ᠶᠠᠳᠠᠭᠤ ᠬᠦᠴᠢᠷᠳᠡᠯᠲᠡᠢ ᠶᠢ ᠲᠡᠳᠬᠦᠬᠦ ᠠᠵᠢᠯ ᠳᠤ ᠵᠤᠷᠢᠭᠤᠯᠵᠠᠢ᠃ ᠥᠲᠡᠯᠦᠭᠡᠳ ᠠᠵᠢᠯ ᠠᠴᠠ ᠪᠠᠨ ᠠᠮᠠᠷᠠᠬᠰᠠᠨ ᠴᠤ | ᠬᠠᠯᠠᠭᠤᠨ ᠰᠡᠳᠬᠢᠯ ᠢᠶᠠᠷ ᠪᠤᠰᠤᠳ ᠢ ᠳᠡᠮᠵᠢᠬᠦ ᠪᠠᠨ ᠤᠮᠠᠷᠳᠠᠬᠰᠠᠨ ᠦᠭᠡᠢ ᠮᠦᠷᠲᠡᠭᠡᠨ ᠠᠮᠢ ᠨᠠᠰᠤᠨ ᠤ ᠪᠠᠨ ᠡᠴᠦᠰ ᠤᠨ ᠬᠤᠭᠤᠴᠠᠭᠠᠨ ᠳᠠᠭᠠᠨ ᠴᠤ ᠦᠪᠡᠷ ᠤᠨ | ᠡᠪᠡᠳᠴᠢᠨ ᠤ ᠪᠠᠶᠢᠳᠠᠯ ᠢᠶᠠᠨ ᠪᠤᠳᠤᠯ ᠦᠭᠡᠢ ᠪᠠᠷ ᠬᠠᠷᠢᠨ ᠭᠡᠷᠬᠢᠨ ᠨᠡᠶᠢᠬᠡᠮ ᠤᠨ ᠠᠴᠢ ᠲᠤᠰᠠ ᠶᠢ ᠬᠠᠷᠢᠭᠤᠯᠬᠤ ᠶᠢ ᠪᠤᠳᠤᠯᠬᠢᠯᠠᠵᠤ ᠪᠠᠶᠢᠵᠠᠢ ᠃ ᠨᠠᠰᠤᠨ | ᠡᠴᠦᠰᠯᠡᠬᠦ ᠶᠢᠨ ᠢᠶᠠᠨ ᠨᠢᠭᠡ ᠭᠠᠷᠠᠭ ᠤᠨ ᠡᠮᠦᠨ᠎ᠡ᠂ ᠯᠢᠤ ᠮᠧᠢ ᠰᠢᠶᠠᠨ10000 ᠲᠦᠭᠦᠷᠢᠭ ᠭᠠᠷᠭᠠᠵᠤ ᠶᠦᠨᠨᠠᠨ ᠤ ᠶᠠᠳᠠᠭᠤ ᠬᠦᠴᠢᠷᠳᠡᠯᠲᠡᠢ ᠰᠤᠷᠤᠭᠴᠢ ᠶᠢ | ᠲᠡᠳᠬᠦᠵᠡᠢ᠃ ᠬᠠᠮᠤᠭ ᠰᠡᠭᠦᠯ ᠳᠤ ᠲᠡᠷᠡ ᠦᠪᠡᠷ ᠤᠨ ᠴᠢᠨᠳᠠᠷ ᠢᠶᠠᠨ ᠤᠯᠤᠰ ᠤᠨ ᠠᠨᠠᠭᠠᠬᠤ ᠤᠬᠠᠭᠠᠨ ᠤ ᠰᠤᠷᠭᠠᠨ ᠬᠦᠮᠦᠵᠢᠯ ᠪᠠ ᠡᠷᠳᠡᠮ ᠰᠢᠨᠵᠢᠯᠡᠭᠡᠨ ᠤ | ᠰᠤᠳᠤᠯᠤᠯ ᠤᠨ ᠦᠢᠯᠡᠰ ᠲᠤ ᠬᠠᠨᠳᠢᠪᠯᠠᠨ ᠠᠮᠢ ᠨᠠᠰᠤᠨ ᠤ ᠪᠠᠨ ︽ᠡᠴᠦᠰ ᠤᠨ ᠪᠡᠯᠡᠭ︾ ᠢᠶᠠᠨ ᠦᠯᠡᠳᠡᠭᠡᠭᠰᠡᠨ ᠶᠤᠮ᠃ ᠲᠡᠷᠡ ᠡᠭᠡᠯ ᠪᠤᠷᠤᠭᠵᠢᠭᠤᠨ ᠮᠦᠷᠲᠡᠭᠡᠨ | ᠡᠷᠬᠢᠮ ᠳᠡᠭᠡᠳᠦ ᠶᠤᠰᠤ ᠰᠤᠷᠲᠠᠬᠤᠨ ᠢᠶᠠᠷ ᠢᠶᠠᠨ ᠠᠮᠢ ᠨᠠᠰᠤᠨ ᠤ ᠢᠷᠠᠭᠤ ᠬᠠᠭᠤᠳᠠᠰᠤ ᠶᠢ ᠪᠢᠴᠢᠭᠯᠡᠵᠡᠢ᠃ ᠳ᠋ᠦᠩᠱᠧᠩ ᠬᠤᠲᠠ ᠠᠴᠠ ᠯᠢᠤ ᠮᠧᠢ ᠰᠢᠶᠠᠨ ᠤ | ᠭᠠᠰᠢᠭᠤᠳᠠᠯ ᠤᠨ ᠬᠤᠷᠠᠯ ᠳᠤ ᠤᠷᠤᠯᠴᠠᠬᠤ ᠪᠠᠷ ᠢᠷᠡᠭᠰᠡᠨ ᠮᠠ ᠠᠪᠠᠭᠠᠢ᠄ ︽ᠯᠢᠤ ᠮᠧᠢ ᠰᠢᠶᠠᠨ ᠪᠠᠭᠰᠢ ᠪᠤᠯ ᠨᠢᠭᠡᠨ ᠰᠠᠶᠢᠨ ᠬᠦᠮᠦᠨ ᠶᠤᠮ᠂ ᠲᠡᠷᠡ ᠬᠦᠮᠦᠨ ᠢ | ᠬᠠᠯᠠᠮᠵᠢᠯᠠᠬᠤ ᠢ ᠮᠡᠳᠡᠳᠡᠭ ᠮᠦᠷᠲᠡᠭᠡᠨ ᠬᠦᠮᠦᠨ ᠤ ᠠᠴᠢ ᠶᠢ ᠬᠠᠷᠢᠭᠤᠯᠬᠤ ᠶᠢ ᠡᠷᠬᠢᠮᠯᠡᠳᠡᠭ᠃ ᠠᠮᠢ ᠨᠠᠰᠤᠨ ᠤ ᠪᠠᠨ ᠡᠴᠦᠰ ᠤᠨ ᠮᠦᠴᠡ ᠳᠤ ᠴᠦ ᠴᠢᠨᠳᠠᠷ ᠢᠶᠠᠨ | ᠠᠨᠠᠭᠠᠬᠤ ᠤᠬᠠᠭᠠᠨ ᠤ ᠰᠤᠷᠭᠠᠨ ᠬᠦᠮᠦᠵᠢᠯ ᠪᠤᠯᠤᠨ ᠡᠷᠳᠡᠮ ᠰᠢᠨᠵᠢᠯᠡᠭᠡᠨ ᠤ ᠰᠤᠳᠤᠯᠤᠯ ᠳᠤ ᠬᠠᠷᠠᠮ ᠦᠭᠡᠢ ᠵᠤᠷᠢᠭᠤᠯᠤᠭᠰᠠᠨ ᠨᠢ ᠨᠢᠭᠡᠨ ᠤᠯᠤᠰ | ᠦᠨᠳᠦᠰᠦᠲᠡᠨ ᠳᠤ ᠠᠰᠢᠭᠲᠠᠢ ᠪᠤᠶᠠᠨᠰᠠᠭ ᠤᠴᠢᠷ ᠶᠤᠮ᠃ ᠲᠡᠭᠦᠨ ᠤ ᠠᠭᠤᠳᠠᠮᠴᠢ ᠬᠠᠶᠢᠷ᠎ᠠ ᠨᠢ ᠬᠦᠮᠦᠨ ᠢ ᠪᠢᠰᠢᠷᠡᠭᠦᠯᠦᠮ᠎ᠡ ᠪᠠᠶᠢᠨ᠎ᠠ︾ ᠭᠡᠵᠤ ᠶᠠᠷᠢᠨ᠎ᠠ᠃ | ︽ᠰᠤᠷᠭᠠᠨ ᠬᠦᠮᠦᠵᠢᠯ ᠪᠤᠯ ᠤᠶᠤᠨ ᠤᠬᠠᠭᠠᠨ ᠢᠶᠠᠨ ᠵᠤᠷᠢᠭᠤᠯᠤᠨ ᠬᠦᠮᠤᠨ ᠢ ᠬᠦᠮᠤᠵᠢᠬᠦᠯᠳᠡᠭ ᠤᠶᠢᠯᠡᠰ ᠶᠤᠮ᠃ ᠲᠡᠭᠦᠨ ᠤ ᠤᠳᠬ᠎ᠠ ᠠᠭᠤᠯᠭ᠎ᠠ ᠨᠢ | ᠵᠤᠷᠢᠭᠤᠯᠬᠤ ᠳᠡᠭᠡᠷ᠎ᠡ ᠪᠠᠶᠢᠵᠤ᠂ ᠰᠠᠨᠠᠭᠠᠴᠢᠯᠠᠭ᠎ᠠ ᠲᠠᠢ ᠪᠠᠷ ᠵᠤᠷᠢᠭᠤᠯᠪᠠᠯ ᠰᠠᠶ᠋ᠢ ᠰᠤᠷᠤᠭᠴᠢᠳ ᠢ ᠤᠷᠤᠭᠰᠢ ᠳᠠᠪᠰᠢᠭᠤᠯᠵᠤ ᠴᠢᠳᠠᠳᠠᠭ︾ ᠂ ︽ᠪᠢ ᠨᠢᠭᠡᠨ ᠠᠷᠠᠳ | ᠤᠨ ᠪᠠᠭᠰᠢ ᠪᠤᠯᠬᠤ ᠮᠦᠷᠲᠡᠭᠡᠨ ᠮᠦᠨ ᠴᠦ ᠨᠢᠭᠡᠨ ᠠᠬᠠᠮᠠᠳ ᠨᠠᠮ ᠤᠨ ᠬᠡᠰᠢᠭᠦᠨ ᠪᠤᠯᠤᠨ᠎ᠠ᠂ ᠴᠢᠨᠳᠠᠷ ᠢᠶᠠᠨ ᠠᠨᠠᠭᠠᠬᠤ ᠤᠬᠠᠭᠠᠨ ᠤ ᠰᠤᠳᠤᠯᠤᠯ ᠳᠤ ᠦᠯᠡᠳᠡᠭᠡᠭᠰᠡᠨ | ᠨᠢ ᠨᠠᠮ ᠤᠨ ᠢᠶᠠᠨ ᠬᠦᠮᠦᠵᠢᠯ ᠳᠤ ᠤᠰᠤᠯᠳᠤᠬᠰᠠᠨ ᠦᠭᠡᠢ︾ ᠂ ︽ᠨᠠᠰᠤ ᠪᠠᠷᠠᠭᠰᠠᠨ ᠤ ᠳᠠᠷᠠᠭ᠎ᠠ᠂ ᠮᠢᠨᠤ ᠪᠡᠶ᠎ᠡ ᠠᠨᠠᠭᠠᠬᠤ ᠤᠬᠠᠭᠠᠨ ᠤ ᠰᠤᠳᠤᠯᠭᠠᠨ ᠳᠤ | ᠦᠢᠯᠡᠴᠢᠯᠡᠵᠦ ᠴᠢᠳᠠᠪᠠᠯ ᠬᠡᠳᠦᠢ ᠰᠠᠶᠢᠨ ᠪᠤᠢ︕︾ …… ᠡᠳᠡᠭᠡᠷ ᠪᠤᠯ ᠯᠢᠤ ᠮᠧᠢ ᠰᠢᠶᠠᠨ ᠤ ᠠᠮᠢᠳᠤ ᠰᠡᠷᠡᠬᠦᠨ ᠪᠠᠶᠢᠬᠤ ᠳᠠᠭᠠᠨ ᠦᠷᠬᠦᠯᠵᠢ ᠬᠡᠯᠡᠭᠡᠳ ᠪᠠᠶᠢᠳᠠᠭ | ᠦᠭᠡ ᠪᠤᠯᠤᠨ᠎ᠠ᠃ ᠣᠳᠣ ᠡᠨᠡᠬᠦ ᠠᠭᠤᠤ ᠶᠡᠭᠡ ᠰᠤᠷᠭᠠᠨ ᠬᠦᠮᠦᠵᠢᠯ ᠤᠨ ᠠᠵᠢᠯᠲᠠᠨ ᠯᠢᠤ ᠮᠧᠢ ᠰᠢᠶᠠᠨ ᠪᠤᠳᠠᠳᠤ ᠠᠵᠢᠯᠯᠠᠭ᠎ᠠ ᠪᠠᠷ ᠢᠶᠠᠨ ᠪᠢᠴᠢᠭ ᠵᠢᠭᠠᠵᠤ | ᠴᠢᠳᠠᠪᠤᠷᠢᠲᠠᠨ ᠢ ᠬᠦᠮᠦᠵᠢᠬᠦᠯᠬᠦ ᠶᠢ ᠤᠶᠢᠯᠡᠳᠤᠯᠭᠡᠵᠢᠬᠦᠯᠵᠤ᠂ ᠬᠠᠷᠠᠮ ᠦᠭᠡᠢ ᠬᠠᠯᠠᠭᠤᠨ ᠬᠠᠶᠢᠷ᠎ᠠ ᠪᠠᠷ ᠢᠶᠠᠨ ᠠᠭᠤᠯᠠᠨ ᠲᠤᠰᠬᠤᠨ ᠤ ᠰᠤᠷᠭᠠᠨ ᠬᠦᠮᠦᠵᠢᠯ ᠤᠨ | ᠢᠷᠡᠭᠡᠳᠦᠢ ᠶᠢ ᠤᠮᠳᠠᠯᠠᠨ᠂ ᠪᠠᠰᠠ ᠴᠢᠨᠳᠠᠷ ᠢᠶᠠᠨ ᠬᠠᠨᠳᠢᠪᠯᠠᠨ ᠠᠮᠢ ᠨᠠᠰᠤᠨ ᠤ ᠦᠨᠡᠨ ᠶᠤᠰᠤ ᠶᠢ ᠦᠷᠭᠦᠯᠵᠢᠯᠡᠨ ᠪᠢᠴᠢᠭᠯᠡᠵᠦ᠂ ᠡᠭᠦᠷᠢᠳᠡ ᠰᠦᠨᠳᠡᠷᠯᠡᠬᠦ ᠠᠤᠭ᠎ᠠ | ᠬᠦᠰᠢᠶ᠎ᠡ ᠶᠢ ᠪᠤᠰᠬᠠᠭᠰᠠᠨ ᠪᠠᠶᠢᠨ᠎ᠠ︕ |