ᠮᠠ ᠯᠠᠢ ᠹᠦ᠋᠄ ᠰᠢᠯᠦᠭ ᠪᠢᠴᠢᠵᠤ ᠡᠭᠡ ᠤᠯᠤᠰ ᠢᠶᠠᠨ ᠮᠠᠬᠳᠠᠨ ᠲᠠᠭᠤᠯᠠᠨ᠎ᠠ
ᠨᠡᠶᠢᠲᠡᠯᠡᠭᠰᠡᠨ ᠴᠠᠭ᠄
2019/8/12
    ᠮᠠ ᠯᠠᠢ ᠹᠦ᠋1949 ᠤᠨ 4 ᠰᠠᠷ᠎ᠠ ᠳᠤ ᠲᠦᠷᠦᠵᠤ᠂ ᠡᠭᠡ ᠤᠯᠤᠰ ᠲᠠᠢ ᠪᠠᠨ ᠨᠠᠰᠤ ᠰᠠᠴᠠᠭᠤ ᠭᠦᠮᠦᠨ ᠶᠤᠮ᠃ ᠲᠠᠯᠠᠨ ᠵᠢᠯ ᠤᠨ ᠲᠤᠷᠰᠢ᠂  ᠲᠡᠷᠠ ᠡᠭᠡ ᠤᠯᠤᠰ ᠲᠠᠢ ᠪᠠᠨ ᠬᠠᠮᠳᠤ ᠦᠰᠦᠨ ᠪᠤᠶᠢᠵᠢᠵᠤ᠂ ᠡᠭᠡ ᠤᠯᠤᠰ ᠶᠠᠳᠠᠭᠤ ᠬᠤᠴᠤᠷᠤᠩᠭᠤᠢ ᠠᠴᠠ ᠪᠠᠨ ᠴᠡᠴᠡᠭᠯᠡᠨ ᠭᠦᠭᠵᠢᠭᠰᠡᠨ ᠭᠡᠷᠠᠯ ᠰᠠᠴᠤᠷᠠᠩᠭᠤᠢ ᠦᠡᠭᠭᠡᠷᠡᠯᠳᠡ  ᠶᠢ ᠪᠡᠶ᠎ᠠ ᠪᠠᠷ ᠢᠶᠠᠨ ᠲᠤᠭᠤᠯᠵᠤ ᠢᠷᠡᠭᠰᠡᠨ᠃ ᠡᠭᠡ ᠤᠯᠤᠰ ᠪᠠᠶᠢᠭᠤᠯᠤᠬᠳᠠᠬᠰᠠᠨ ᠲᠠᠯᠠᠨ ᠵᠢᠯ ᠤᠨ ᠤᠢ ᠶᠢᠨ ᠲᠠᠰᠢᠷᠠᠮ ᠢᠶᠠᠷ ᠮᠠ ᠯᠠᠢ ᠹᠦ᠋ ᠰᠢᠯᠦᠭ ᠲᠠᠭᠤᠤ ᠵᠤᠭᠢᠶᠠᠨ ᠡᠭᠡ ᠤᠯᠤᠰ ᠲᠠᠭᠠᠨ ᠨᠠᠨᠳᠢᠨ ᠪᠡᠯᠡᠭ ᠪᠠᠷᠢᠯ᠎ᠠ᠃     ︽49  ᠤᠨ ᠳᠤ ᠪᠠᠶᠠᠷ ᠤᠨ ᠫᠤᠤᠵᠢᠩ ᠤᠨ ᠲᠠᠭᠤᠨ ᠨᠢᠵᠢᠭᠢᠨᠠᠵᠤ᠂ ᠰᠢᠨ᠎ᠠ ᠲᠤᠮᠳᠠᠳᠤ ᠤᠯᠤᠰ ᠲᠤᠷᠤᠨᠡᠳᠡᠭᠢᠨ ᠳᠤ ᠰᠦᠨᠳᠡᠷᠯᠡᠵᠤ᠂ ᠬᠠᠭᠤᠴᠢᠨ ᠹᠸᠤᠳᠠᠯ ᠨᠡᠶᠢᠭᠡᠮ ᠰᠡᠷᠨᠢᠵᠤ᠂ ᠠᠷᠠᠳ ᠲᠦᠮᠠᠨ ᠦᠨᠡᠨ ᠭᠦ ᠡᠷᠭᠡ ᠮᠡᠳᠡᠨ ᠡᠵᠡᠨ ᠰᠠᠭᠤᠯ᠎ᠠ︾ ᠭᠡᠵᠤ  ᠱᠠᠬᠳᠠᠷ ᠪᠠᠯᠭᠠᠰᠤ ᠶᠢᠨ ᠮᠢᠨ ᠶᠤᠸᠠᠢ ᠨᠡᠶᠢᠭᠡᠮ ᠲᠤᠭᠤᠷᠢᠭ ᠲᠤ ᠪᠠᠶᠢᠭ᠎ᠠ ᠭᠡᠷ ᠲᠡᠭᠡᠨ ᠮᠠ ᠯᠠᠢ ᠹᠦ᠋ ᠨᠠᠰᠤᠳᠠᠨ ᠡᠭᠡ ᠤᠯᠤᠰ ᠪᠠᠶᠢᠭᠤᠯᠤᠬᠳᠠᠬᠰᠠᠨ ᠲᠠᠯᠠᠨ ᠵᠢᠯ ᠤᠨ ᠤᠢ ᠳᠤ ᠵᠤᠷᠢᠭᠤᠯᠤᠨ ᠪᠢᠴᠢᠭᠰᠡᠨ ︽ᠲᠤᠮᠳᠠᠳᠤ ᠶᠢᠨ ᠡᠭᠡ ᠤᠷᠤᠨ ᠴᠡᠴᠡᠭᠯᠡᠨ ᠭᠦᠭᠵᠢᠳᠤᠭᠡᠢ︾ ᠭᠡᠰᠡᠨ ᠰᠢᠯᠦᠭ ᠢᠶᠠᠨ ᠤᠡᠭᠰᠢᠨ ᠰᠠᠭᠤᠨ᠎ᠠ᠃ ᠡᠭᠡ ᠤᠯᠤᠰ ᠲᠠᠢ ᠨᠠᠰᠤ ᠰᠠᠴᠠᠭᠤ ᠭᠦᠮᠦᠨ ᠪᠤᠯᠤᠬᠰᠠᠨ ᠤ ᠬᠤᠪᠢ ᠳᠤ᠂ ᠮᠠ ᠯᠠᠢ ᠹᠦ᠋ ᠦᠪᠡᠷ ᠤᠨ ᠡᠷᠭᠡ ᠦᠭᠡᠢ ᠤᠮᠤᠬᠰᠢᠵᠤ᠂ ᠪᠢᠷ ᠪᠡᠭᠡᠰ ᠢᠶᠠᠨ ᠬᠤᠷᠴᠠᠯᠠᠨ᠂ ᠡᠭᠡ ᠤᠯᠤᠰ ᠤᠨ ᠲᠠᠯᠠᠨ ᠵᠢᠯ ᠤᠨ ᠭᠦᠭᠵᠢᠯᠳᠠ ᠬᠤᠪᠢᠷᠠᠯᠳᠠ ᠶᠢ ᠮᠠᠬᠳᠠᠨ ᠲᠠᠭᠤᠯᠠᠬᠤ ᠶᠢ ᠭᠦᠰᠡᠳᠡᠭ ᠪᠠᠶᠢᠨ᠎ᠠ᠃     ︽ᠤᠯᠤᠰ ᠪᠠᠶᠢᠭᠤᠯᠤᠬᠳᠠᠬᠰᠠᠨ 70 ᠵᠢᠯ ᠤᠨ ᠲᠤᠷᠰᠢ᠂ ᠡᠭᠡ ᠤᠯᠤᠰ ᠮᠠᠨᠢ ᠡᠳᠦᠷ ᠠᠴᠠ ᠡᠳᠦᠷ ᠦᠭᠡᠳᠡᠯᠡᠨ ᠭᠦᠭᠵᠢᠵᠤ ᠴᠡᠴᠡᠭᠯᠡᠨ ᠮᠠᠨᠳᠤᠵᠤ ᠪᠤᠢ᠃ ᠪᠢ ᠡᠭᠡ ᠤᠯᠤᠰ ᠤᠨ ᠢᠶᠠᠨ ᠭᠦᠭᠵᠢᠯᠳᠠ ᠬᠤᠪᠢᠷᠠᠯᠳᠠ ᠶᠢ ᠤᠯᠵᠤ ᠬᠠᠷᠠᠯ᠎ᠠ᠂ ᠭᠦᠳᠡᠯᠭᠡᠭᠦ  ᠭᠦᠴᠦᠨᠳᠦ ᠲᠡᠷᠭᠡ᠂ 5G ᠲᠤᠤᠷ ᠰᠦᠯᠵᠢᠶ᠎ᠠ᠂ ᠤᠨᠴᠠ ᠬᠤᠷᠳᠤᠴᠠᠳᠤ ᠭᠠᠯᠳᠤ ᠲᠡᠷᠭᠡ᠂ ᠠᠭᠠᠷ ᠤᠨ ᠠᠶᠠᠯᠠᠯ ᠤᠨ ᠰᠤᠳᠤᠯᠭ᠎ᠠ ᠵᠡᠷᠭᠡ ᠨᠢ ᠡᠭᠡ ᠤᠯᠤᠰ ᠤᠨ ᠭᠦᠭᠵᠢᠯᠳᠠ ᠬᠤᠪᠢᠷᠠᠯᠳᠠ ᠶᠢᠨ ᠪᠠᠳᠤ ᠭᠡᠷᠡᠴᠢ  ᠪᠤᠯᠵᠤ ᠪᠠᠶᠢᠨ᠎ᠠ᠃ ᠡᠭᠡ ᠤᠯᠤᠰ ᠮᠢᠨᠢ ᠶᠠᠳᠠᠭᠤ ᠬᠤᠴᠤᠷᠤᠩᠭᠤᠢ ᠪᠠᠶᠢᠬᠰᠠᠨ ᠠᠴᠠ ᠪᠠᠨ ᠦᠨᠦᠳᠦᠷ ᠤᠨ ᠰᠢᠭ  ᠡᠶᠢᠮᠤᠷᠬᠦ ᠠᠤᠭ᠎ᠠ ᠶᠡᠭᠡ ᠬᠤᠪᠢᠷᠠᠯᠳᠠ ᠲᠠᠢ ᠪᠤᠯᠤᠬᠰᠠᠨ ᠨᠢ ᠮᠢᠨᠤ ᠡᠨᠡᠬᠦ ᠰᠢᠯᠦᠭ ᠢᠶᠠᠨ ᠪᠢᠴᠢᠬᠦ ᠳᠤ ᠭᠦᠨ ᠰᠡᠳᠡᠯᠳᠡ ᠤᠯᠭᠤᠬᠰᠠᠨ ᠶᠤᠮ︾ ᠭᠡᠵᠤ ᠮᠠ ᠯᠠᠢ ᠹᠦ᠋ ᠶᠠᠷᠢᠨ᠎ᠠ᠃     ᠡᠭᠦᠨ ᠠᠴᠠ ᠭᠠᠳᠠᠨ᠎ᠠ᠂ ᠨᠠᠰᠤᠳᠠᠨ ᠪᠠᠰᠠ ︽ᠬᠤᠷᠢᠮ ᠨᠠᠶᠢᠷ ᠠᠴᠠ ᠭᠦᠭᠵᠢᠯᠳᠠ ᠶᠢ ᠬᠠᠷᠠᠬᠤᠢ︾ ᠭᠡᠭᠦ ᠰᠢᠯᠦᠭ ᠪᠢᠴᠢᠵᠤ᠂ ᠴᠢᠯᠦᠭᠡᠯᠡᠭᠦ ᠠᠴᠠ ᠡᠮᠤᠨᠡᠭᠢ  ᠠᠴᠠ ᠡᠭᠢᠯᠡᠭᠦᠯᠤᠨ ᠲᠡᠭᠡᠷ᠎ᠠ ᠵᠠᠭᠤᠨ ᠤ ᠲᠠᠪᠢᠭᠠᠳ ᠤᠨ᠂ ᠵᠢᠷᠠᠭᠠᠳ ᠤᠨ᠂ ᠲᠠᠯᠠᠭᠠᠳ ᠤᠨ᠂ ᠨᠠᠶᠠᠭᠠᠳ ᠤᠨ ᠴᠢᠨᠠᠬᠰᠢᠯᠠᠨ ᠡᠳᠦᠭᠡ ᠶᠢᠨ ᠬᠤᠷᠢᠮ ᠤᠨ ᠬᠤᠪᠢᠷᠠᠯᠳᠠ ᠶᠢ ᠪᠢᠴᠢᠭᠦ ᠪᠠᠷ ᠲᠠᠮᠵᠢᠭᠤᠯᠤᠨ ᠡᠭᠡ ᠤᠯᠤᠰ ᠤᠨ ᠭᠦᠭᠵᠢᠯᠳᠠ ᠬᠤᠪᠢᠷᠠᠯᠳᠠ ᠡᠳᠦᠷ ᠠᠴᠠ ᠡᠳᠦᠷ ᠰᠢᠨᠠᠳᠴᠦ᠂ ᠠᠷᠠᠳ ᠤᠨ ᠠᠮᠢᠳᠤᠷᠠᠯ ᠤᠯᠠᠮ ᠰᠠᠶᠢᠵᠢᠷᠠᠵᠤ ᠪᠠᠶᠢᠭ᠎ᠠ ᠪᠠᠶᠢᠳᠠᠯ ᠢ ᠬᠠᠷᠠᠭᠤᠯᠤᠬᠰᠠᠨ ᠪᠠᠶᠢᠨ᠎ᠠ᠃ ︽ᠴᠢᠯᠦᠭᠡᠯᠡᠭᠳᠡᠬᠦ ᠡᠬᠢᠨ ᠤ  ᠦᠶ᠎ᠠ ᠳᠤ ᠶᠠᠳᠠᠭᠤ ᠠᠶᠢᠯ ᠤᠨ ᠭᠦᠮᠦᠨ ᠡᠭᠡᠨᠡᠷ ᠠᠪᠬᠤ ᠳᠤ ᠠᠪᠤ ᠡᠵᠢ ᠨᠢ ᠡᠵᠡᠨ ᠮᠡᠳᠡᠨ  ᠵᠠᠭᠤᠴᠢ ᠭᠦᠮᠦᠨ ᠵᠠᠭᠤᠴᠢᠯᠠᠵᠤ᠂ ᠰᠢᠪᠠᠷ ᠪᠠᠶᠢᠰᠢᠩ ᠢᠶᠠᠷ ᠰᠢᠨ᠎ᠠ ᠭᠡᠷ ᠪᠤᠯᠭᠠᠵᠤ᠂ ᠶᠤᠷᠤᠭ ᠪᠦᠰ ᠢᠶᠠᠷ ᠬᠤᠪᠴᠠᠰᠤ ᠭᠢᠵᠤ ᠬᠤᠷᠢᠮᠯᠠᠳᠠᠭ ᠪᠠᠶᠢᠯ᠎ᠠ᠃ ᠴᠢᠯᠦᠭᠡᠯᠡᠭᠦ ᠶᠢᠨ ᠡᠮᠤᠨᠡᠭᠢ ᠠᠴᠠ 21 ᠳ᠋ᠤᠭᠡᠷ ᠵᠠᠭᠤᠨ ᠪᠤᠯᠳᠠᠯ᠎ᠠ ᠶᠡᠭᠡ ᠬᠤᠪᠢᠷᠠᠯᠳᠠ ᠲᠠᠢ ᠪᠤᠯᠤᠬᠰᠠᠨ ᠰᠢᠦ᠃ ᠠᠪᠤ ᠡᠵᠢ ᠮᠢᠨᠢ ᠬᠤᠷᠢᠮᠯᠠᠬᠤ ᠦᠶ᠎ᠠ ᠳᠤ ᠪᠤᠰᠤᠳ ᠠᠴᠠ ᠬᠤᠪᠴᠠᠰᠤ ᠵᠢᠭᠡᠯᠡᠵᠤ ᠡᠮᠦᠰᠴᠦ ᠪᠠᠶᠢᠬᠰᠠᠨ᠂ ᠪᠢ ᠬᠤᠷᠢᠮᠯᠠᠬᠤ ᠳᠤ ᠬᠤᠶᠠᠷ ᠢᠰᠡᠭᠡᠢ ᠨᠢᠭᠡ ᠭᠦᠨᠵᠢᠯᠠ   ᠲᠠᠢ ᠪᠤᠯᠤᠬᠰᠠᠨ᠃ ᠮᠢᠨᠦ ᠭᠦᠦ ᠬᠤᠷᠢᠮᠯᠠᠬᠤ ᠳᠤ ᠲᠦᠷᠪᠡᠨ  ᠲᠡᠪᠢᠰᠭᠡᠷ ᠭᠦᠨᠵᠢᠯᠡ ᠲᠠᠢ  ᠪᠤᠯᠵᠤ᠂ ᠵᠦᠭᠡᠷᠭᠡᠨ ᠰᠢᠭ ᠠᠮᠢᠳᠤᠷᠠᠯ ᠲᠠᠢ ᠨᠢ ᠠᠰᠠᠷ ᠲᠤ ᠰᠠᠭᠤᠵᠤ ᠬᠤᠷᠢᠮᠯᠠᠳᠠᠭ ᠪᠤᠯᠪᠠ᠃ ᠮᠢᠨᠦ ᠠᠴᠢ ᠵᠢᠭᠡ ᠨᠠᠷ ᠬᠤᠷᠢᠮᠯᠠᠬᠤ ᠳᠤ ᠨᠦᠭᠦᠴᠡᠯ ᠨᠠᠩ ᠰᠠᠶᠢᠨ ᠪᠤᠯᠵᠤ᠂ ᠴᠠᠭ ᠤᠨ ᠦᠡᠭᠭᠡ ᠶᠢ ᠲᠠᠭᠠᠳᠠᠭ ᠪᠤᠯᠴᠢᠬᠠᠯ᠎ᠠ᠃ ᠬᠤᠷᠢᠮ ᠤᠨ ᠬᠤᠪᠢᠷᠠᠯᠳᠠ ᠠᠴᠠ ᠪᠢᠳᠠ ᠤᠯᠤᠰ ᠤᠷᠤᠨ ᠭᠦᠭᠵᠢᠨ ᠴᠡᠴᠡᠭᠯᠡᠪᠡᠯ ᠰᠠᠶ᠋ᠢ ᠠᠷᠠᠳ ᠤᠨ ᠠᠮᠢᠳᠤᠷᠠᠯ ᠨᠠᠩ ᠰᠠᠶᠢᠵᠢᠷᠠᠨ᠎ᠠ ᠭᠡᠳᠡᠭ ᠢ ᠤᠯᠵᠤ ᠮᠡᠳᠡᠵᠤ ᠪᠤᠯᠤᠨ᠎ᠠ︾ ᠭᠡᠵᠤ ᠮᠠ ᠯᠠᠢ ᠹᠦ᠋ ᠶᠠᠷᠢᠨ᠎ᠠ᠃    1949 ᠤᠨ 4 ᠰᠠᠷ᠎ᠠ ᠳᠤ᠂ ᠮᠠ ᠯᠠᠢ ᠹᠦ᠋ ᠪᠠᠶᠠᠨᠨᠠᠭᠤᠷ ᠬᠤᠳᠠ ᠶᠢᠨ ᠬᠠᠨᠭ᠍ᠭᠢᠨ ᠬᠤᠶᠢᠳᠤ ᠬᠤᠰᠢᠭᠤᠨ ᠳᠤ ᠲᠦᠷᠦᠵᠠᠢ᠃ ᠠᠪᠤ ᠡᠵᠢ ᠨᠢ ᠵᠠᠯᠠᠭᠤ ᠪᠠᠶᠢᠬᠤ  ᠳᠤ ᠠᠮᠢᠳᠤᠷᠠᠯ ᠭᠦᠴᠢᠷᠳᠠᠢ ᠪᠤᠯᠬᠤᠷ ᠢᠳᠡᠵᠤ ᠤᠤᠭᠤᠬᠤ ᠳᠠᠭᠠᠨ ᠵᠦᠪ ᠦᠭᠡᠢ  ᠪᠠᠶᠢᠵᠤ᠂ ᠨᠤᠳᠤᠭ ᠠᠴᠠ ᠪᠠᠨ ᠰᠠᠯᠤᠨ ᠪᠠᠶᠠᠨᠨᠠᠭᠤᠷ ᠬᠤᠳᠠ ᠳᠤ ᠨᠡᠭᠦᠨ ᠢᠷᠡᠵᠡᠢ ᠃ ᠲᠡᠭᠦᠨ ᠢ 5 ᠨᠠᠰᠤᠳᠠᠢ ᠪᠠᠶᠢᠬᠤ ᠳᠤ ᠠᠪᠤ ᠡᠵᠢ ᠨᠢ ᠵᠡᠭᠦᠠᠭᠠᠷ ᠬᠤᠰᠢᠭᠤᠨ ᠳᠠᠭᠠᠨ ᠪᠤᠴᠠᠵᠤ ᠢᠷᠡᠭᠰᠡᠨ ᠪᠠᠶᠢᠨ᠎ᠠ᠃ ᠨᠤᠳᠤᠭ ᠲᠠᠭᠠᠨ ᠪᠤᠴᠠᠬᠰᠠᠨ ᠤ ᠲᠠᠷᠠᠭ᠎ᠠ᠂  ᠲᠡᠷᠡ ᠮᠠᠯ ᠲᠠᠷᠢᠶᠠᠯᠠᠩ ᠤᠨ ᠬᠤᠷᠰᠢᠶᠠᠵᠢᠯ ᠢ ᠬᠦᠭᠵᠢᠬᠦᠯᠬᠦ᠂ ᠬᠤᠷᠢᠶᠠᠯᠳᠠ ᠲᠠᠢ ᠨᠢ ᠬᠤᠯᠪᠤᠬᠳᠠᠭᠤᠯᠤᠨ ᠡᠷᠦᠭᠡ ᠳᠤ ᠲᠠᠭᠠᠭᠠᠴᠢᠯᠠᠭᠤᠯᠬᠤ᠂ ᠭᠠᠵᠠᠷ ᠰᠢᠷᠤᠢ ᠲᠠᠭᠠᠭᠠᠴᠢᠯᠠᠨ ᠡᠵᠡᠩᠨᠡᠭᠦ ᠵᠡᠷᠭᠡ ᠭᠦᠳᠡᠭᠡ ᠲᠤᠰᠬᠤᠨ ᠤ ᠠᠯᠢ ᠤᠯᠠᠨ ᠦᠭᠡᠷᠡᠴᠢᠯᠠᠯᠳᠠ ᠶᠢ ᠦᠡᠭᠭᠡᠷᠡᠭᠡᠭᠡᠳ᠂ ᠠᠵᠤ ᠠᠮᠢᠳᠤᠷᠠᠯ ᠨᠢ ᠴᠤ ᠡᠳᠦᠷ ᠠᠴᠠ ᠡᠳᠦᠷ ᠰᠠᠶᠢᠵᠢᠷᠠᠵᠤ ᠢᠷᠡᠭᠰᠡᠨ ᠪᠠᠶᠢᠨ᠎ᠠ᠃ ᠦᠨᠦᠳᠦᠷ᠂ ᠠᠮᠢ ᠠᠬᠤᠢ ᠶᠢᠨ ᠨᠡᠭᠦᠳᠡᠯ ᠠᠷᠠᠳ ᠤᠨ ᠲᠦᠷᠦᠯ ᠵᠤᠶᠢᠯ ᠤᠨ ᠨᠦᠯᠦᠭᠡᠯᠡᠯ ᠢᠶᠠᠷ ᠲᠡᠷᠠ ᠨᠤᠸᠠᠨ ᠱᠦᠢ ᠰᠢᠶᠠᠩ  ᠠᠴᠠ ᠱᠠᠬᠳᠠᠷ ᠪᠠᠯᠭᠠᠰᠤᠨ ᠳᠤ ᠨᠡᠭᠦᠨ ᠢᠷᠠᠵᠤ᠂ ᠴᠦ᠋ ᠰᠢᠨ᠎ᠠ ᠠᠰᠠᠷ ᠲᠤ ᠰᠠᠭᠤᠵᠤ᠂ ᠢᠳᠡᠵᠤ ᠤᠳᠭᠤᠬᠤ ᠳᠤ ᠵᠤᠪᠠᠭ᠋ᠤ ᠦᠭᠡᠢ ᠪᠤᠯᠵᠤ᠂ ᠦᠷ᠎ᠠ ᠭᠡᠤᠭᠡᠳ ᠤᠨ   ᠢᠶᠠᠨ ᠰᠠᠶᠢᠨ ᠰᠠᠶᠢᠬᠠᠨ ᠢ ᠦᠵᠡᠵᠤ ᠵᠢᠷᠭᠠᠯᠳᠠᠢ ᠠᠮᠢᠳᠤᠷᠠᠨ᠎ᠠ᠃ ᠰᠤᠯᠠ ᠰᠡᠯᠡᠭᠦᠦ ᠴᠠᠭ ᠢᠶᠠᠷ ᠢᠶᠠᠨ ᠨᠠᠰᠤᠳᠠᠨ ᠭᠤᠸᠠᠢ ᠰᠢᠯᠦᠭ ᠪᠢᠴᠢᠨ᠂ ᠭᠦᠭᠵᠢᠮ ᠤᠷᠤᠯᠳᠤᠵᠤ᠂ ᠭᠦᠭᠰᠢᠨ ᠲᠠᠢ ᠪᠠᠨ ᠬᠤᠶᠠᠭᠤᠯᠠ ᠬᠠᠭᠤᠴᠢᠨ ᠰᠡᠭᠦᠳᠡᠷ ᠢᠶᠠᠨ ᠤᠷᠪᠠᠭᠤᠯᠵᠤ ᠦᠡᠭᠭᠡᠷᠡᠭᠰᠡᠨ ᠢᠶᠠᠨ ᠬᠠᠭᠤᠴᠢᠯᠠᠵᠤ ᠰᠠᠭᠤᠳᠠᠭ ᠪᠠᠶᠢᠨ᠎ᠠ᠃  ︽ᠤᠯᠤᠰ ᠤᠷᠤᠨ ᠤ ᠭᠦᠭᠵᠢᠯᠳᠠ ᠬᠤᠪᠢᠷᠠᠯᠳᠠ ᠪᠡᠷᠭᠡ ᠪᠠᠷᠳᠠᠭ᠎ᠠ ᠬᠠᠷᠰᠢ ᠰᠠᠭᠠᠳ ᠢ ᠲᠤᠭᠤᠯᠵᠤ  ᠢᠷᠡᠭᠰᠡᠨ ᠶᠤᠮ᠂ ᠪᠢᠳᠠ ᠨᠠᠮ ᠤᠨ ᠤᠳᠤᠷᠢᠳᠤᠯᠭ᠎ᠠ ᠳᠤᠤᠷ᠎ᠠ ᠪᠦᠯᠭᠦᠮᠳᠡᠨ ᠨᠢᠬᠳᠠᠷᠠᠵᠤ᠂ ᠰᠢᠷᠭᠠᠭᠤ  ᠲᠡᠮᠡᠴᠡᠵᠤ ᠪᠠᠶᠢᠭᠠᠳ ᠦᠨᠦᠳᠦᠷ ᠤᠨ ᠵᠤᠯ ᠵᠢᠷᠭᠠᠯᠳᠤ ᠠᠮᠢᠳᠤᠷᠠᠯ ᠢ ᠡᠳ᠋ᠯᠡᠭᠰᠡᠨ ᠶᠤᠮ᠃ ᠪᠢ ᠪᠠᠭ᠎ᠠ ᠳᠠᠭᠠᠨ ᠡᠪᠡᠰᠦᠨ ᠦᠷ᠎ᠠ᠂ ᠭᠡᠭᠡᠷ᠎ᠠ ᠶᠢᠨ ᠨᠤᠭᠤᠭ᠎ᠠ   ᠪᠠᠷ ᠬᠤᠭᠤᠯᠠᠯᠯᠠᠵᠤ᠂ ᠠᠮᠢᠳᠤᠷᠠᠯ ᠲᠤᠩ ᠭᠦᠴᠢᠷ ᠲᠠᠢ ᠪᠠᠶᠢᠬᠰᠠᠨ ᠰᠢᠦ᠃ ᠤᠳᠤ ᠴᠢᠨᠢ ᠢᠳᠡᠵᠤ ᠤᠤᠭᠤᠬᠤ ᠳᠠᠭᠠᠨ ᠡᠯᠪᠡᠭ ᠲᠡᠯᠪᠡᠭ ᠪᠤᠯᠵᠤ᠂ ᠶᠠᠭ ᠯᠡ ᠡᠳᠦᠷ ᠪᠦᠷᠢ ᠰᠢᠨᠡᠯᠡᠵᠤ ᠪᠠᠶᠢᠭ᠎ᠠ ᠰᠢᠭ ᠪᠠᠶᠢᠨ᠎ᠠ᠃ ᠦᠷ᠎ᠠ ᠭᠡᠤᠭᠡᠳ ᠤᠨ ᠮᠢᠨᠢ ᠠᠮᠢᠳᠤᠷᠠᠯ ᠴᠦ ᠤᠳᠤ ᠠᠴᠠ ᠨᠠᠩ ᠰᠠᠶᠢᠨ ᠪᠤᠯᠤᠨ᠎ᠠ ᠭᠡᠳᠡᠭ ᠢ ᠪᠢ ᠪᠠᠳᠤ ᠢᠳᠡᠭᠡᠵᠤ ᠪᠠᠶᠢᠨ᠎ᠠ︾ ᠭᠡᠵᠤ ᠮᠠ ᠯᠠᠢ ᠹᠦ᠋ ᠰᠡᠳᠭᠢᠯ ᠲᠤᠬᠳᠤᠯᠤᠨ ᠶᠠᠷᠢᠨ᠎ᠠ᠃     ᠮᠠ ᠯᠠᠢ ᠹᠦ᠋ ᠶᠠᠷᠢᠬᠤ ᠳᠠᠭᠠᠨ᠂ ᠲᠡᠭᠦᠨ ᠤ ᠨᠠᠰᠤᠨ ᠲᠤᠷᠰᠢᠳᠠ ᠶᠢᠨ ᠬᠠᠮᠤᠭ ᠤᠮᠤᠬᠰᠢᠯ ᠲᠠᠢ ᠤᠴᠢᠷ ᠪᠤᠯ ᠲᠠᠷᠤᠢ ᠡᠭᠡ ᠤᠯᠤᠰ ᠲᠠᠢ ᠪᠠᠨ ᠨᠠᠰᠤ ᠰᠠᠴᠠᠭᠤ ᠪᠤᠯᠤᠬᠰᠠᠨ ᠶᠠᠪᠤᠳᠠᠯ ᠪᠤᠯᠤᠨ᠎ᠠ᠃ ᠲᠠᠯᠠᠨ ᠵᠢᠯ ᠤᠨ ᠲᠤᠷᠰᠢ᠂  ᠲᠡᠷᠡ ᠡᠭᠡ ᠤᠯᠤᠰ ᠲᠠᠢ ᠪᠠᠨ ᠬᠠᠮᠳᠤ ᠰᠠᠯᠭᠢᠨ ᠪᠤᠷᠤᠭᠠᠨ ᠢ ᠲᠤᠭᠤᠯᠵᠤ᠂ ᠬᠠᠮᠳᠤ ᠳᠠᠭᠠᠨ ᠦᠰᠦᠨ ᠪᠤᠶᠢᠵᠢᠵᠤ᠂ ᠡᠭᠡ ᠤᠯᠤᠰ ᠤᠨ ᠭᠦᠭᠵᠢᠯᠳᠠ ᠬᠤᠪᠢᠷᠠᠯᠳᠠ ᠶᠢ ᠨᠢᠳᠤ ᠪᠠᠷ ᠢᠶᠠᠨ ᠬᠠᠷᠠᠵᠤ᠂  ᠪᠡᠶ᠎ᠠ ᠪᠠᠷ ᠲᠤᠭᠤᠯᠵᠤ ᠶᠠᠪᠤᠵᠠᠢ᠃ ︽ᠡᠭᠡ ᠤᠯᠤᠰ ᠮᠢᠨᠢ ᠶᠠᠳᠠᠭᠤ ᠬᠤᠴᠤᠷᠦᠩᠭᠤᠢ ᠪᠠᠶᠢᠬᠰᠠᠨ ᠠᠴᠠ ᠪᠠᠨ ᠭᠦᠭᠵᠢᠨ ᠪᠤᠵᠠᠭᠠᠶᠢᠷᠠᠵᠤ ᠲᠡᠯᠡᠭᠡᠢ ᠳ᠋ᠠᠭᠢᠨ   ᠳᠤ ᠮᠡᠳᠡᠷᠡᠭᠳᠡᠭᠰᠡᠨ ᠭᠦᠴᠦᠷᠭᠡᠭ ᠤᠯᠤᠰ ᠪᠤᠯᠤᠯ᠎ᠠ᠂ ᠰᠢᠨ᠎ᠠ ᠲᠤᠮᠳᠠᠳᠤ ᠤᠯᠤᠰ ᠤᠨ ᠭᠦᠮᠦᠨ ᠪᠤᠯᠤᠬᠰᠠᠨ ᠳᠠᠭᠠᠨ ᠪᠢ ᠤᠮᠤᠬᠰᠢᠵᠤ ᠪᠠᠶᠢᠬᠤ ᠮᠦᠷᠳᠡᠭᠡᠨ ᠦᠩᠭᠡ ᠭᠡᠷᠡᠯᠳᠡᠢ ᠰᠠᠨᠠᠬᠳᠠᠬᠤ ᠶᠤᠮ︾ ᠭᠡᠵᠤ ᠮᠠ ᠯᠠᠢ ᠹᠦ᠋ ᠶᠠᠷᠢᠨ᠎ᠠ᠃
ᠢᠷᠡᠯᠲᠡ᠄ ︽ᠵᠡᠬᠦᠨᠭᠠᠷ ᠤᠨ ᠰᠤᠨᠢᠨ︾