ᠵᠠᠰᠠᠭ ᠤᠨ ᠣᠷᠳᠤᠨ ᠤ ᠠᠵᠢᠯ ᠤᠨ ᠢᠯᠡᠳᠭᠡᠯ | — 2019 ᠤᠨ ᠤ 3 ᠰᠠᠷ᠎ᠠ ᠶᠢᠨ 14 ᠤ ᠡᠳᠤᠷ ᠵᠡᠬᠦᠨᠭᠠᠷ ᠬᠤᠰᠢᠭᠤᠨ ᠤ ᠠᠷᠪᠠᠨ ᠳᠤᠯᠤᠳᠤᠭᠠᠷ ᠬᠤᠭᠤᠴᠠᠭᠠᠨ ᠤ ᠠᠷᠠᠳ ᠤᠨ ᠳᠦᠯᠦᠭᠡᠯᠡᠭᠴᠢᠳ ᠤᠨ | ᠶᠡᠭᠡ ᠬᠤᠷᠠᠯ ᠤᠨ ᠭᠤᠷᠪᠠᠳᠤᠭᠠᠷ ᠤᠳᠠᠭ᠎ᠠ ᠶᠢᠨ ᠬᠤᠷᠠᠯ ᠳᠡᠭᠡᠷ᠎ᠠ | ᠬᠤᠰᠢᠭᠤᠨ ᠤ ᠤᠷᠤᠯᠠᠬᠴᠢ ᠳᠠᠷᠤᠭ᠎ᠠ ᠸᠠᠩ ᠹᠧᠩ | ᠳᠦᠯᠦᠭᠡᠯᠡᠭᠴᠢᠳ ᠡ᠄ | ᠤᠳᠤ ᠪᠢ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠢ ᠳᠦᠯᠦᠭᠡᠯᠡᠨ ᠶᠡᠭᠡ ᠬᠤᠷᠠᠯ ᠳᠤ ᠢᠯᠡᠳᠭᠡᠯ ᠬᠢᠶ᠎ᠠ᠂ ᠬᠢᠨᠠᠨ ᠵᠦᠪᠯᠡᠬᠦ ᠪᠤᠯᠪᠠᠤ᠂ | ᠳᠡᠷᠡᠴᠢᠯᠡᠨ ᠬᠤᠰᠢᠭᠤᠨ ᠤ ᠤᠯᠤᠰ ᠳᠦᠷᠦ ᠶᠢᠨ ᠵᠦᠪᠯᠡᠯᠭᠡᠨ ᠤ ᠭᠡᠰᠢᠬᠦᠳ ᠪᠤᠯᠤᠨ ᠰᠤᠯᠠ ᠤᠷᠤᠯᠴᠠᠬᠤ ᠪᠤᠰᠤᠳ ᠬᠦᠮᠤᠰ ᠰᠠᠨᠠᠯ ᠢᠶᠠᠨ ᠳᠤᠷᠠᠳᠬᠤ ᠪᠤᠯᠪᠠᠤ᠃ | ᠨᠢᠭᠡ᠂ 2018 ᠤᠨ ᠤ ᠠᠵᠢᠯ ᠤᠨ ᠡᠷᠬᠢᠴᠡᠬᠦᠯᠤᠯ | 2018 ᠤᠨ ᠪᠤᠯ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠤᠷᠢᠭ ᠰᠠᠨᠠᠭ᠎ᠠ ᠶᠢ ᠳᠤᠭᠤᠰᠢᠯᠠᠭᠤᠯᠬᠤ ᠡᠬᠢᠯᠡᠯᠳᠡ ᠶᠢᠨ ᠵᠢᠯ ᠪᠤᠯᠤᠨ᠎ᠠ᠂ ᠮᠦᠨ ᠴᠤ | ᠳᠤᠰ ᠬᠤᠭᠤᠴᠠᠭᠠᠨ ᠤ ᠵᠠᠰᠠᠭ ᠤᠨ ᠤᠷᠳᠤᠨ ᠤ ᠪᠠᠶᠢᠷᠢᠯᠠᠭᠤᠯᠤᠯᠳᠠ ᠶᠢ ᠰᠡᠳᠤᠨ ᠳᠤᠬᠢᠷᠠᠭᠤᠯᠵᠤ᠂ ᠨᠡᠭᠡᠭᠡᠯᠳᠡ ᠬᠢᠵᠤ ᠤᠷᠤᠬᠰᠢᠯᠠᠬᠰᠠᠨ ᠨᠢᠭᠡ ᠵᠢᠯ ᠪᠤᠯᠤᠨ᠎ᠠ᠂ | ᠪᠢᠳᠠ ᠰᠢ ᠶᠢᠨ ᠫᠢᠩ ᠤᠨ ᠰᠢᠨ᠎ᠠ ᠴᠠᠭ ᠦᠶ᠎ᠠ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ | ᠪᠤᠯᠭᠠᠬᠤ ᠶᠢ ᠪᠠᠷᠢᠮᠳᠠᠯᠠᠨ᠂ ᠬᠤᠳᠠ ᠶᠢᠨ ᠨᠠᠮ ᠤᠨ ᠬᠤᠷᠢᠶ᠎ᠠ᠂ ᠬᠤᠳᠠ ᠶᠢᠨ ᠵᠠᠰᠠᠭ ᠤᠨ ᠤᠷᠳᠤᠨ ᠪᠠ ᠬᠤᠰᠢᠭᠤᠨ ᠤ ᠨᠠᠮ ᠤᠨ ᠬᠤᠷᠢᠶᠠᠨ ᠤ ᠪᠠᠳᠤ ᠴᠢᠩᠭ᠎ᠠ | ᠤᠳᠤᠷᠢᠳᠤᠯᠭ᠎ᠠ ᠳᠤᠤᠷ᠎ᠠ᠂ ᠬᠤᠰᠢᠭᠤᠨ ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ᠂ ᠤᠯᠤᠰ ᠳᠦᠷᠦ ᠶᠢᠨ ᠵᠦᠪᠯᠡᠯᠭᠡᠨ | ᠤ ᠬᠢᠨᠠᠯᠳᠠ ᠳᠡᠮᠵᠢᠯᠭᠡ ᠳᠤᠤᠷ᠎ᠠ᠂ ᠰᠡᠳᠬᠢᠯ ᠢᠶᠠᠨ ᠳᠦᠪᠯᠡᠷᠡᠬᠦᠯᠤᠨ ᠬᠦᠴᠤ ᠪᠠᠨ ᠬᠠᠮᠳᠤᠳᠬᠠᠵᠤ᠂ ᠪᠤᠭᠤᠮᠳᠠ ᠰᠢᠪᠳᠤᠯᠤᠨ ᠬᠦᠴᠢᠷ ᠢ ᠳᠤᠭᠤᠯᠵᠤ᠂ ᠪᠦᠬᠦ | ᠬᠦᠴᠤᠨ ᠢᠶᠠᠷ ᠢᠶᠠᠨ ᠨᠡᠮᠡᠭᠳᠡᠯ ᠢ ᠳᠤᠬᠳᠠᠪᠤᠷᠢᠵᠢᠭᠤᠯᠤᠨ᠂ ᠦᠭᠡᠷᠡᠴᠢᠯᠡᠯᠳᠡ ᠶᠢ ᠠᠬᠢᠭᠤᠯᠤᠨ᠂ ᠪᠦᠳᠤᠴᠡ ᠶᠢ ᠳᠤᠬᠢᠷᠠᠭᠤᠯᠵᠤ᠂ ᠠᠷᠠᠳ ᠤᠨ ᠠᠮᠢᠳᠤᠷᠠᠯ ᠢ | ᠬᠠᠷᠠᠭᠠᠯᠵᠠᠨ᠂ ᠠᠶᠤᠯ ᠳᠦᠭᠰᠢᠬᠦᠷᠢ ᠶᠢ ᠰᠡᠷᠭᠡᠶᠢᠯᠡᠵᠤ᠂ ᠠᠷᠪᠠᠨ ᠳᠤᠯᠤᠳᠤᠭᠠᠷ ᠬᠤᠭᠤᠴᠠᠭᠠᠨ ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ | ᠬᠤᠶᠠᠳᠤᠭᠠᠷ ᠤᠳᠠᠭ᠎ᠠ ᠶᠢᠨ ᠬᠤᠷᠠᠯ ᠠᠴᠠ ᠳᠤᠬᠳᠠᠭᠠᠬᠰᠠᠨ ᠡᠯ᠎ᠠ ᠳᠦᠷᠤᠯ ᠤᠨ ᠬᠠᠷᠠᠯᠳᠠᠳᠤ ᠡᠬᠦᠷᠭᠡ ᠶᠢ ᠨᠡᠯᠢᠶᠡᠳ ᠰᠠᠶᠢᠨ ᠪᠡᠶᠡᠯᠡᠬᠦᠯᠵᠤ᠂ ᠴᠢᠨᠠᠷ ᠰᠠᠶᠢᠳᠠᠢ | ᠬᠦᠭᠵᠢᠯᠳᠡ ᠶᠢ ᠠᠬᠢᠭᠤᠯᠬᠤ ᠳᠤ ᠢᠳᠡᠷᠡᠬᠦᠨ ᠠᠯᠬᠤᠴᠠ ᠲᠠᠢ ᠪᠤᠯᠤᠬᠰᠠᠨ ᠪᠠᠶᠢᠨ᠎ᠠ᠃ | — ᠬᠦᠴᠤᠨ ᠢᠶᠠᠨ ᠳᠦᠪᠯᠡᠷᠡᠬᠦᠯᠤᠨ ᠴᠢᠨᠠᠷᠵᠢᠯ ᠢ ᠰᠠᠶᠢᠵᠢᠷᠠᠭᠤᠯᠤᠨ ᠦᠷ᠎ᠠ ᠠᠰᠢᠭ ᠢ ᠨᠡᠮᠡᠭᠳᠡᠬᠦᠯᠵᠤ᠂ ᠠᠵᠤ ᠠᠬᠤᠢ ᠨᠢ ᠳᠤᠬᠳᠠᠭᠤᠨ ᠤ ᠳᠤᠮᠳᠠ ᠤᠷᠤᠬᠰᠢᠯᠠᠨ | ᠂ ᠶᠡᠷᠦᠩᠭᠡᠶᠢᠯᠡᠭᠰᠡᠨ ᠪᠤᠳᠠᠳᠤ ᠬᠦᠴᠤᠨ ᠳᠤᠬᠳᠠᠭᠤᠨ ᠢᠶᠠᠷ ᠨᠡᠮᠡᠭᠳᠡᠪᠡ᠃ ᠪᠦᠬᠦ ᠵᠢᠯ ᠳᠤ ᠤᠷᠤᠨ ᠨᠤᠳᠤᠭ ᠤᠨ ᠤᠶᠢᠯᠡᠳᠪᠤᠷᠢᠯᠡᠯ ᠤᠨ ᠶᠡᠷᠦᠩᠭᠡᠢ ᠦᠷᠳᠡᠭ ᠢ | 938.2 ᠳ᠋ᠦᠩᠰᠢᠭᠤᠷ ᠳᠦᠬᠦᠷᠢᠭ ᠢ ᠪᠡᠶᠡᠯᠡᠬᠦᠯᠵᠤ᠂ 2% ᠢᠶᠠᠷ ᠨᠡᠮᠡᠭᠳᠡᠨ᠂ ᠤᠯᠠᠨ ᠨᠡᠶᠢᠳᠡ ᠶᠢᠨ ᠡᠳ᠋ ᠤᠨ ᠵᠠᠰᠠᠭ ᠤᠨ ᠳᠦᠰᠤᠪ ᠤᠨ ᠤᠷᠤᠯᠭ᠎ᠠ ᠶᠢ 77. | 7 ᠳ᠋ᠦᠩᠰᠢᠭᠤᠷ ᠳᠦᠬᠦᠷᠢᠭ ᠪᠡᠶᠡᠯᠡᠬᠦᠯᠵᠤ᠂ 15.3% ᠪᠠᠷ ᠨᠡᠮᠡᠭᠳᠡᠨ᠂ ᠨᠡᠶᠢᠭᠡᠮ ᠤᠨ ᠭᠡᠷᠡᠭᠯᠡᠭᠡᠨ ᠤ ᠵᠤᠶᠢᠯ ᠢ ᠵᠢᠵᠢᠭᠯᠡᠨ ᠪᠤᠷᠤᠯᠠᠭᠤᠯᠤᠬᠰᠠᠨ ᠶᠡᠷᠦᠩᠭᠡᠢ ᠳᠤᠭ᠎ᠠ | ᠶᠢ 124.2 ᠳ᠋ᠦᠩᠰᠢᠭᠤᠷ ᠳᠦᠬᠦᠷᠢᠭ ᠪᠡᠶᠡᠯᠡᠬᠦᠯᠵᠤ᠂ 6.1% ᠪᠠᠷ ᠨᠡᠮᠡᠭᠳᠡᠨ᠂ ᠤᠶᠢᠯᠡᠴᠢᠯᠡᠭᠡᠨ ᠤ ᠤᠶᠢᠯᠡᠰ ᠤᠨ ᠠᠵᠤ ᠠᠬᠤᠢ ᠶᠢᠨ ᠶᠡᠷᠦᠩᠭᠡᠢ ᠭᠡᠮᠵᠢᠶ᠎ᠡ | ᠳᠠᠬᠢ ᠡᠵᠡᠯᠡᠬᠦ ᠬᠠᠷᠢᠴᠠᠯ ᠨᠢ 45% ᠳᠤ ᠬᠦᠷᠴᠤ᠂ ᠭᠡᠪᠴᠢᠶᠡᠵᠢᠯ ᠠᠴᠠ ᠳᠡᠭᠡᠭᠰᠢᠬᠢ ᠠᠵᠤ ᠤᠶᠢᠯᠡᠳᠪᠤᠷᠢ ᠶᠢᠨ ᠠᠵᠤ ᠠᠬᠤᠶᠢᠯᠠᠯ ᠤᠨ ᠪᠡᠶᠡᠯᠡᠬᠦᠯᠦᠭᠰᠡᠨ ᠠᠰᠢᠭ | ᠬᠤᠨᠵᠢᠪᠤᠷᠢ ᠨᠢ 211.7 ᠳ᠋ᠦᠩᠰᠢᠭᠤᠷ ᠳᠦᠬᠦᠷᠢᠭ ᠲᠤ ᠬᠦᠷᠴᠤ᠂ ᠪᠦᠬᠦ ᠤᠯᠤᠰ ᠤᠨ ᠠᠵᠤ ᠤᠶᠢᠯᠡᠳᠪᠤᠷᠢ ᠶᠢᠨ ᠵᠠᠭᠤᠨ ᠬᠦᠴᠦᠷᠭᠡᠭ ᠬᠤᠰᠢᠭᠤ ᠰᠢᠶᠠᠨ ᠤ | 14 ᠳ᠋ᠤᠭᠡᠷ ᠲᠤ ᠵᠢᠬᠰᠠᠭᠠᠬᠳᠠᠪᠠ᠃ | — ᠬᠦᠴᠤᠨ ᠢᠶᠠᠨ ᠳᠦᠪᠯᠡᠷᠡᠬᠦᠯᠤᠨ ᠰᠢᠨ᠎ᠠ ᠶᠢ ᠡᠬᠦᠳᠴᠤ ᠳᠠᠭᠠᠭᠤᠯᠤᠨ᠂ ᠠᠵᠤ ᠤᠶᠢᠯᠡᠰ ᠤᠨ ᠳᠡᠰᠵᠢᠯᠳᠡ ᠶᠢ ᠠᠬᠢᠭᠤᠯᠵᠤ᠂ ᠴᠢᠨᠠᠷ ᠰᠠᠶᠢᠳᠠᠢ ᠬᠦᠭᠵᠢᠯᠳᠡ | ᠰᠢᠨ᠎ᠠ ᠠᠯᠬᠤᠴᠠ ᠲᠠᠢ ᠪᠤᠯᠪᠠ᠃ ᠳᠤᠰᠬᠠᠢ ᠡᠷᠭᠡ ᠶᠢ ᠤᠯᠭᠤᠬᠰᠠᠨ ᠳᠤᠰᠬᠠᠢ ᠠᠰᠢᠭ ᠤᠨ ᠳᠦᠷᠤᠯ ᠵᠤᠶᠢᠯ ᠢ 108 ᠰᠢᠨ᠎ᠠ ᠪᠠᠷ ᠨᠡᠮᠡᠭᠳᠡᠬᠦᠯᠵᠤ᠂ ᠤᠯᠤᠰ ᠤᠨ | ᠴᠠᠬᠢᠯᠭᠠᠨ ᠤ ᠵᠢᠩ ᠶᠠᠩ᠂ ᠵᠦᠩ ᠢᠤᠢ ᠲᠠᠢ ᠳ᠋ᠧ᠂ ᠢ ᠳ᠋ᠦᠩ ᠳ᠋ᠦᠩ ᠢ᠂ ᠢ ᠭᠤᠤ ᠶᠢᠨ ᠨᠡᠬᠦᠷᠡᠰᠤ ᠬᠢᠮᠢ ᠶᠢᠨ ᠠᠵᠤ ᠤᠶᠢᠯᠡᠳᠪᠤᠷᠢ ᠶᠢᠨ 4 ᠠᠵᠤ | ᠠᠬᠤᠶᠢᠯᠠᠯ ᠨᠢ ᠳᠡᠭᠡᠳᠤ ᠰᠢᠨ᠎ᠠ ᠮᠡᠷᠭᠡᠵᠢᠯ ᠤᠨ ᠠᠵᠤ ᠠᠬᠤᠶᠢᠯᠠᠯ ᠤᠨ ᠨᠤᠳᠠᠯᠠᠯᠳᠠ ᠶᠢ ᠦᠩᠭᠡᠷᠡᠭᠡᠪᠡ᠃ ᠰᠢᠨᠵᠢᠯᠡᠬᠦ ᠤᠬᠠᠭᠠᠨ ᠮᠡᠷᠭᠡᠵᠢᠯ ᠤᠨ ᠳᠠᠪᠰᠢᠯᠳᠠ ᠶᠢᠨ | ᠠᠵᠤ ᠠᠬᠤᠢ ᠶᠢᠨ ᠬᠦᠭᠵᠢᠯᠳᠡ ᠳᠤ ᠦᠵᠡᠬᠦᠯᠬᠦ ᠬᠤᠪᠢ ᠨᠡᠮᠡᠷᠢ ᠶᠢᠨ ᠨᠤᠷᠮ᠎ᠠ ᠨᠢ 53% ᠳᠤ ᠬᠦᠷᠴᠤ᠂ ᠪᠦᠬᠦ ᠤᠯᠤᠰ ᠤᠨ ᠠᠩᠬᠠᠨ ᠤ ᠪᠦᠯᠦᠭ ᠡᠬᠢᠯᠡᠨ | ᠪᠦᠳᠤᠭᠡᠨ ᠪᠠᠶᠢᠭᠤᠯᠤᠬᠰᠠᠨ ᠰᠢᠨ᠎ᠠ ᠶᠢ ᠡᠬᠦᠳᠬᠦ ᠮᠠᠶ᠋ᠢᠭ ᠤᠨ ᠰᠢᠶᠠᠨ ︵ᠬᠤᠳᠠ︶ ᠪᠤᠯᠤᠬᠰᠠᠨ ᠪᠠᠶᠢᠨ᠎ᠠ᠃ ᠮᠠᠯ ᠳᠠᠷᠢᠶᠠᠯᠠᠩ ᠤᠨ ᠤᠶᠢᠯᠡᠳᠪᠤᠷᠢᠯᠡᠯ ᠤᠨ | ᠬᠦᠭᠵᠢᠯᠳᠡ ᠶᠢᠨ ᠴᠢᠨᠠᠷ ᠰᠠᠶᠢᠵᠢᠷᠠᠨ ᠦᠷ᠎ᠠ ᠠᠰᠢᠭ ᠨᠡᠮᠡᠭᠳᠡᠵᠤ᠂ ᠨᠦᠩ ᠰᠢᠶᠠᠩ ᠹᠧᠩ᠂ ᠭᠤᠤ ᠶᠤᠸᠠᠨ ᠬᠦᠢᠯᠡᠰᠤᠨ ᠴᠦᠮ᠎ᠠ ᠶᠢᠨ ᠤᠮᠳᠠᠭᠠᠨ ᠤ ᠺᠤᠮᠫᠠᠨᠢ ᠨᠢ | ᠪᠦᠬᠦ ᠤᠷᠤᠨ ᠤ ᠠᠩᠬᠠᠳᠠᠬᠴᠢ ᠮᠠᠯ ᠳᠠᠷᠢᠶᠠᠯᠠᠩ ᠤᠨ ᠠᠵᠤ ᠤᠶᠢᠯᠡᠰᠵᠢᠯᠳᠡ ᠶᠢᠨ ᠬᠤᠯᠪᠤᠭᠠᠳᠤ ᠴᠤᠬᠴᠠ ᠪᠠᠷ ᠦᠨᠡᠯᠡᠭᠳᠡᠨ᠂ ᠨᠢᠭᠡᠳᠤᠭᠡᠷ ᠠᠵᠤ ᠤᠶᠢᠯᠡᠰ 10. | 99 ᠳ᠋ᠦᠩᠰᠢᠭᠤᠷ ᠳᠦᠬᠦᠷᠢᠭ ᠤᠨ ᠨᠡᠮᠡᠭᠳᠡᠯ ᠦᠷᠳᠡᠭ ᠢ ᠪᠡᠶᠡᠯᠡᠬᠦᠯᠵᠤ᠂ 2.2% ᠢᠶᠠᠷ ᠨᠡᠮᠡᠭᠳᠡᠪᠡ᠃ ︽ᠳᠦᠷᠪᠡᠨ ᠳᠤᠮᠤ ᠠᠵᠤ ᠤᠶᠢᠯᠡᠰ ᠤᠨ ᠰᠦᠷᠦᠭᠵᠢᠯ︾ | ᠰᠢᠨ᠎ᠠ ᠬᠦᠭᠵᠢᠯᠳᠡ ᠲᠠᠢ ᠪᠤᠯᠵᠤ᠂ ᠤᠯᠤᠰ ᠤᠨ ᠴᠠᠬᠢᠯᠭᠠᠨ ᠤ ᠪᠦᠯᠦᠭᠯᠡᠯ ᠤᠨ ᠴᠠᠩ ᠳᠠᠨ ᠴᠠᠬᠢᠯᠭᠠᠨ ᠤᠶᠢᠯᠡᠳᠪᠤᠷᠢ ᠨᠢ ᠵᠦᠪᠰᠢᠶᠡᠷᠡᠭᠳᠡᠪᠡ︔ ᠵᠢᠤ ᠲᠠᠢ ᠶᠢᠨ | 50 ᠳᠦᠮᠡᠨ ᠳᠤᠨ ᠤ ᠡᠲ᠋ᠡ ᠬᠤᠶᠠᠷᠴᠢ ᠠᠯᠺᠤᠤᠯ ᠤᠶᠢᠯᠡᠳᠪᠤᠷᠢᠯᠡᠬᠦ᠂ ᠢ ᠭᠤᠤ ᠶᠢᠨ 1 ᠳᠦᠮᠡᠨ ᠳᠤᠨ ᠤ ᠨᠡᠬᠦᠷᠡᠰᠤᠨ ᠮᠠᠲ᠋ᠧᠷᠢᠶᠠᠯ ᠤᠶᠢᠯᠡᠳᠪᠤᠷᠢᠯᠡᠬᠦ ᠵᠡᠷᠭᠡ | ᠭᠤᠤᠯᠳᠠᠯᠭ᠎ᠠ ᠲᠠᠢ ᠳᠦᠷᠤᠯ ᠵᠤᠶᠢᠯ ᠳᠦᠷᠭᠡᠨ ᠠᠬᠢᠪᠠ︔ ᠵᠢᠤ ᠲᠠᠢ ᠶᠢᠨ 60 ᠳᠦᠮᠡᠨ ᠳᠤᠨ ᠤ ᠠᠯᠺᠧᠨ ᠤᠶᠢᠯᠡᠳᠪᠤᠷᠢᠯᠡᠬᠦ᠂ ᠢ ᠲᠠᠢ ᠶᠢᠨ ᠨᠡᠬᠦᠷᠡᠰᠤ ᠪᠠᠷ | ᠳᠤᠰᠤ ᠤᠶᠢᠯᠡᠳᠪᠤᠷᠢᠯᠡᠬᠦ ᠳᠦᠷᠤᠯ ᠵᠤᠶᠢᠯ ᠤᠨ 5 ᠳᠦᠮᠡᠨ ᠳᠤᠨ ᠤ ᠬᠦᠩᠭᠡᠨ ᠨᠡᠬᠦᠷᠦᠭᠴᠢ ᠶᠢ ᠨᠠᠷᠢᠯᠢᠭ ᠪᠤᠯᠪᠠᠰᠤᠷᠠᠭᠤᠯᠬᠤ ᠵᠡᠷᠭᠡ 6 ᠳᠦᠷᠤᠯ ᠵᠤᠶᠢᠯ ᠨᠢ | ᠪᠦᠳᠤᠭᠡᠨ ᠪᠠᠶᠢᠭᠤᠯᠤᠬᠳᠠᠵᠤ ᠠᠰᠢᠬᠯᠠᠯᠳᠠ ᠳᠤ ᠤᠷᠤᠵᠤ᠂ ᠨᠡᠬᠦᠷᠡᠰᠤ ᠬᠢᠮᠢ ᠶᠢᠨ ᠠᠵᠤ ᠤᠶᠢᠯᠡᠳᠪᠤᠷᠢ ᠶᠢᠨ ᠤᠶᠢᠯᠡᠳᠪᠤᠷᠢᠯᠡᠯ ᠤᠨ ᠴᠢᠳᠠᠪᠬᠢ ᠶᠢ 104 ᠳᠦᠮᠡᠨ | ᠳᠤᠨ ᠰᠢᠨ᠎ᠠ ᠪᠠᠷ ᠨᠡᠮᠡᠭᠳᠡᠬᠦᠯᠪᠡ᠃ ᠵᠡᠬᠦᠨᠭᠠᠷ ᠠᠵᠤ ᠠᠬᠤᠢ ᠶᠢᠨ ᠨᠡᠭᠡᠭᠡᠯᠳᠡ ᠶᠢᠨ ᠤᠷᠤᠨ ᠪᠠ ᠳ᠋ᠠ ᠯᠤ᠋ ᠨᠡᠬᠦᠷᠡᠰᠤ ᠬᠢᠮᠢ ᠶᠢᠨ ᠠᠵᠤ ᠤᠶᠢᠯᠡᠳᠪᠤᠷᠢ ᠶᠢᠨ ᠰᠠᠭᠤᠷᠢᠨ | ᠭᠠᠵᠠᠷ ︽ᠳᠤᠮᠳᠠᠳᠤ ᠤᠯᠤᠰ ᠤᠨ ᠨᠡᠭᠡᠭᠡᠯᠳᠡ ᠶᠢᠨ ᠤᠷᠤᠨ ᠤ ᠬᠢᠨᠠᠨ ᠰᠢᠯᠭᠠᠬᠰᠠᠨ ᠠᠯᠪᠠᠨ ᠵᠠᠷ ᠤᠨ ᠭᠠᠷᠴᠠᠭ ︵2018 ᠤᠨ ᠤ ᠭᠡᠪᠯᠡᠯ︶︾ ᠲᠤ | ᠵᠢᠬᠰᠠᠭᠠᠬᠳᠠᠪᠠ᠃ ᠰᠤᠶᠤᠯ ᠵᠤᠭᠠᠴᠠᠯ ᠤᠨ ᠤᠶᠢᠯᠡᠰ ᠤᠨ ᠴᠢᠨᠠᠷ ᠳᠡᠰ ᠳᠡᠭᠡᠭᠰᠢᠯᠡᠵᠤ᠂ ᠬᠠᠳᠤᠨ ᠭᠤᠤᠯ ᠤᠨ ᠳᠤᠮᠤ ᠬᠠᠪᠴᠢᠯ ᠨᠢ ᠤᠯᠤᠰ ᠤᠨ 4A ᠤᠨ | ᠦᠵᠡᠮᠵᠢ ᠶᠢᠨ ᠤᠷᠤᠨ ᠢᠶᠠᠷ ᠵᠦᠪᠰᠢᠶᠡᠷᠡᠭᠳᠡᠪᠡ᠃ | — ᠬᠦᠴᠤᠨ ᠢᠶᠠᠨ ᠳᠦᠪᠯᠡᠷᠡᠬᠦᠯᠤᠨ ︽ᠭᠤᠷᠪᠠᠨ ᠶᠡᠭᠡ ᠪᠤᠭᠤᠮᠳᠠ ᠰᠢᠪᠳᠤᠯᠬᠤ ᠳᠠᠶᠢᠯᠠᠯᠳᠤᠭᠠᠨ︾ ᠢ ᠬᠢᠵᠤ᠂ ᠴᠢᠨᠡᠭᠡᠯᠢᠭᠵᠢᠯ ᠤᠨ ᠳᠤᠳᠠᠭᠤᠳᠠᠯ ᠢ | ᠨᠦᠬᠦᠪᠤᠷᠢᠯᠡᠨ᠂ ᠦᠷᠬᠦᠯᠵᠢᠯᠡᠭᠰᠡᠨ ᠬᠦᠭᠵᠢᠯᠳᠡ ᠨᠢ ᠰᠢᠨ᠎ᠠ ᠦᠷ᠎ᠠ ᠪᠦᠳᠤᠮᠵᠢ ᠲᠠᠢ ᠪᠤᠯᠪᠠ᠃ ᠠᠶᠤᠯ ᠳᠦᠭᠰᠢᠬᠦᠷᠢ ᠶᠢ ᠰᠡᠷᠭᠡᠶᠢᠯᠡᠬᠦ ᠳᠠᠯ᠎ᠠ ᠪᠠᠷ ᠄ ᠬᠦᠨᠳᠤ ᠶᠡᠭᠡ | ᠠᠶᠤᠯ ᠳᠦᠭᠰᠢᠬᠦᠷᠢ ᠶᠢ ᠰᠡᠷᠭᠡᠶᠢᠯᠡᠨ ᠨᠠᠮᠳᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠤ ᠡᠯ᠎ᠡ ᠳᠦᠷᠤᠯ ᠤᠨ ᠳᠦᠷᠦ ᠶᠢᠨ ᠪᠤᠳᠤᠯᠭ᠎ᠠ ᠠᠷᠭ᠎ᠠ ᠭᠡᠮᠵᠢᠶ᠎ᠠ ᠶᠢ | ᠪᠦᠬᠦ ᠳᠠᠯ᠎ᠠ ᠪᠠᠷ ᠳᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠦᠷᠢ ᠰᠢᠷᠢ ᠶᠢ ᠨᠠᠮᠳᠠᠭᠤᠯᠬᠤ ︽ᠠᠷᠪᠠᠨ ᠬᠠᠮᠳᠤᠷᠠᠯ ᠬᠦᠴᠤᠨ︾ ᠢ ᠳᠡᠯᠭᠡᠷᠡᠬᠦᠯᠤᠨ᠂ ᠪᠦᠬᠦ ᠵᠢᠯ | ᠳᠤ ᠵᠠᠰᠠᠭ ᠤᠨ ᠤᠷᠳᠤᠨ ᠤ ᠴᠢᠨᠠᠷᠳᠠᠢ ᠦᠷᠢ ᠰᠢᠷᠢ ᠶᠢ 42.69 ᠳ᠋ᠦᠩᠰᠢᠭᠤᠷ ᠳᠦᠬᠦᠷᠢᠭ ᠨᠠᠮᠳᠠᠭᠤᠯᠤᠨ ᠰᠢᠢᠳᠪᠤᠷᠢᠯᠡᠵᠤ᠂ ᠪᠠᠩᠬᠢ ᠶᠢᠨ ᠪᠤᠴᠠᠭᠠᠵᠤ ᠳᠡᠶᠢᠯᠬᠦ | ᠦᠭᠡᠢ ᠵᠢᠭᠡᠯᠡᠯᠭᠡ ᠶᠢ10.79 ᠳ᠋ᠦᠩᠰᠢᠭᠤᠷ ᠳᠦᠬᠦᠷᠢᠭ ᠰᠢᠢᠳᠪᠤᠷᠢᠯᠡᠨ᠂ ᠬᠠᠤᠯᠢ ᠪᠤᠰᠤ ᠪᠠᠷ ᠵᠤᠭᠤᠰ ᠴᠤᠬᠯᠠᠭᠤᠯᠤᠬᠰᠠᠨ 3 ᠭᠡᠷᠡᠭ ᠲᠤ ᠴᠤᠬᠢᠯᠳᠠ ᠦᠭᠴᠤ᠂ | ᠰᠢᠰᠲ᠋ᠧᠮᠳᠤ ᠴᠢᠨᠠᠷᠳᠠᠢ ᠮᠦᠩᠬᠦᠨ ᠬᠦᠢᠯᠭᠡᠭᠡᠨ ᠤ ᠠᠶᠤᠯ ᠳᠦᠭᠰᠢᠬᠦᠷᠢ ᠡᠬᠦᠰᠬᠦ ᠦᠭᠡᠢ ᠪᠠᠶᠢᠬᠤ ᠬᠤᠷᠢᠭ᠎ᠠ ᠱᠤᠭᠤᠮ ᠢ ᠰᠠᠬᠢᠵᠤ ᠴᠢᠳᠠᠪᠠ᠃ ᠶᠠᠳᠠᠭᠤ ᠠᠴᠠ | ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠯ᠎ᠠ ᠪᠠᠷ ᠄ 44 ᠪᠤᠳᠠᠳᠠᠢ ᠠᠷᠭ᠎ᠠ ᠭᠡᠮᠵᠢᠶ᠎ᠠ ᠶᠢ ᠳᠤᠬᠳᠠᠭᠠᠵᠤ ᠪᠦᠬᠦ ᠬᠤᠳᠠ ᠶᠢᠨ ᠶᠠᠳᠠᠭᠤ ᠠᠴᠠ ᠠᠩᠬᠢᠵᠢᠷᠠᠭᠤᠯᠬᠤ | ᠪᠤᠭᠤᠮᠳᠠ ᠰᠢᠪᠳᠤᠯᠬᠤ ᠭᠤᠷᠪᠠᠨ ᠵᠢᠯ ᠤᠨ ᠠᠵᠢᠯᠯᠠᠭᠠᠨ ᠤ ᠳᠦᠰᠤᠯ ᠢ ᠨᠠᠶᠢᠳᠠᠪᠤᠷᠢᠵᠢᠭᠤᠯᠤᠨ᠂ ᠡᠯ᠎ᠠ ᠳᠦᠷᠤᠯ ᠤᠨ ᠶᠠᠳᠠᠭᠤ ᠶᠢ ᠳᠡᠳᠬᠦᠬᠦ ᠪᠡᠯᠡ ᠮᠦᠩᠬᠦ ᠶᠢ | 8830 ᠳᠦᠮᠡᠨ ᠳᠦᠬᠦᠷᠢᠭ ᠤᠷᠤᠭᠤᠯᠤᠨ᠂ ᠳᠤᠰᠬᠤᠨ ᠤ ᠬᠠᠮᠳᠤ ᠶᠢᠨ ᠠᠵᠤ ᠠᠬᠤᠢ ᠶᠢᠨ 122 ᠳᠦᠷᠤᠯ ᠵᠤᠶᠢᠯ ᠢ ᠬᠠᠪᠰᠤᠷᠤᠨ ᠬᠦᠭᠵᠢᠬᠦᠯᠵᠤ᠂ ︽ᠠᠵᠤ | ᠠᠬᠤᠶᠢᠯᠠᠯ + ᠨᠠᠮ ᠤᠨ ᠡᠬᠦᠷ + ᠬᠤᠷᠰᠢᠶᠠᠵᠢᠯ ᠤᠨ ᠵᠤᠬᠢᠶᠠᠨ ᠪᠠᠶᠢᠭᠤᠯᠤᠯᠳᠠ + ᠳᠠᠷᠢᠶᠠᠴᠢᠨ ᠡᠷᠤᠭᠡ︾ ᠶᠢᠨ ᠶᠠᠳᠠᠭᠤ ᠶᠢ ᠳᠡᠳᠬᠦᠬᠦ ᠵᠠᠬᠪᠤᠷ ᠢ ᠪᠦᠬᠦ ᠳᠠᠯ᠎ᠠ | ᠪᠠᠷ ᠳᠡᠯᠭᠡᠷᠡᠬᠦᠯᠵᠤ᠂ 1396 ᠡᠷᠤᠭᠡ ᠶᠢᠨ 3411 ᠨᠡᠷ᠎ᠠ ᠶᠠᠳᠠᠭᠤ ᠠᠴᠠ ᠠᠩᠬᠢᠵᠢᠷᠠᠬᠰᠠᠨ ᠬᠦᠮᠤᠨ ᠠᠮᠠ ᠶᠢᠨ ᠶᠠᠳᠠᠭᠤ ᠠᠴᠠ ᠠᠩᠬᠢᠵᠢᠷᠠᠬᠰᠠᠨ ᠦᠷ᠎ᠠ | ᠪᠦᠳᠤᠮᠵᠢ ᠶᠢ ᠴᠢᠨᠠᠬᠰᠢᠳᠠ ᠪᠠᠳᠤᠳᠬᠠᠪᠠ᠃ ᠳᠦᠪ᠂ ᠦᠪᠡᠷᠳᠡᠭᠡᠨ ᠵᠠᠰᠠᠬᠤ ᠤᠷᠤᠨ᠂ ᠬᠤᠳᠠ ᠶᠢᠨ ᠳᠤᠭᠤᠷᠢᠨ ᠪᠠᠶᠢᠴᠠᠭᠠᠯᠳᠠ ᠱᠠᠭᠠᠷᠳᠠᠨ ᠪᠠᠶᠢᠴᠠᠭᠠᠯᠳᠠ ᠳᠤ | ᠬᠠᠷᠢᠭᠤ ᠳᠤᠰᠬᠠᠬᠰᠠᠨ ᠠᠰᠠᠭᠤᠳᠠᠯ ᠢ ᠵᠠᠰᠠᠨ ᠴᠡᠭᠴᠡᠯᠡᠬᠦ ᠠᠵᠢᠯ ᠪᠤᠳᠠᠳᠤ ᠦᠷ᠎ᠠ ᠪᠦᠳᠤᠮᠵᠢ ᠤᠯᠪᠠ᠃ ᠪᠤᠬᠢᠷᠳᠤᠯ ᠢ ᠰᠡᠷᠭᠡᠶᠢᠯᠡᠨ ᠵᠠᠰᠠᠬᠤ ᠳᠠᠯ᠎ᠠ ᠪᠠᠷ ᠄ ᠠᠭᠠᠷ | ᠮᠠᠨᠳᠠᠯ᠂ ᠤᠰᠤ᠂ ᠬᠦᠷᠤᠰᠤ ᠰᠢᠷᠤᠢ ᠶᠢᠨ ᠪᠤᠬᠢᠷᠳᠤᠯ ᠢ ᠰᠡᠷᠭᠡᠶᠢᠯᠡᠨ ᠵᠠᠰᠠᠬᠤ ᠠᠵᠢᠯ ᠢ ᠬᠦᠨᠵᠡᠭᠡᠢ ᠭᠡᠷᠡᠭᠵᠢᠬᠦᠯᠤᠨ᠂ ᠭᠤᠤᠯᠳᠠᠯᠭ᠎ᠠ ᠲᠠᠢ ᠰᠠᠪᠠ ᠭᠠᠵᠠᠷ᠂ | ᠤᠶᠢᠯᠡᠳᠪᠤᠷᠢ ᠠᠭᠤᠷᠬᠠᠢ ᠪᠠ ᠨᠡᠬᠦᠷᠡᠰᠤ ᠳᠡᠭᠡᠭᠡᠪᠤᠷᠢᠯᠡᠬᠦ ᠵᠠᠮ ᠳᠤ ᠳᠤᠰᠬᠠᠢ ᠵᠠᠰᠠᠨ ᠴᠡᠭᠴᠡᠯᠡᠯᠳᠡ ᠬᠢᠵᠤ᠂ ᠤᠢ ᠰᠢᠭᠤᠢ ᠠᠮᠢ ᠠᠬᠤᠢ ᠶᠢᠨ ᠪᠦᠳᠤᠭᠡᠨ | ᠪᠠᠶᠢᠭᠤᠯᠤᠯᠳᠠ ᠶᠢ 7667 ᠾᠧᠺᠲ᠋ᠡᠷ᠂ ᠠᠭᠤᠷᠬᠠᠢ ᠶᠢᠨ ᠤᠷᠤᠨ ᠢ ᠠᠳᠠᠷᠰᠢᠭᠤᠯᠬᠤ ᠪᠠᠷᠢᠯᠭ᠎ᠠ ᠶᠢ 1266 ᠾᠧᠺᠲ᠋ᠡᠷ ᠪᠡᠶᠡᠯᠡᠬᠦᠯᠵᠤ᠂ ᠭᠤᠤᠯᠳᠠᠯᠭᠠᠳᠤ ᠬᠤᠳᠠ | ᠶᠢᠨ ᠳᠤᠭᠤᠷᠢᠭ ᠤᠨ ᠠᠭᠠᠷ ᠤᠨ ᠴᠢᠨᠠᠷ ᠰᠠᠶᠢᠵᠢᠷᠠᠬᠰᠠᠨ ᠨᠤᠷᠮ᠎ᠠ 81.3% ᠳᠤ ᠬᠦᠷᠴᠤ᠂ ᠳᠦᠪᠯᠡᠷᠡᠬᠦᠯᠦᠭᠰᠡᠨ ᠮᠠᠶ᠋ᠢᠭ ᠤᠨ ᠤᠤᠭᠤᠬᠤ ᠤᠰᠤᠨ ᠤ ᠤᠰᠤᠨ ᠤ | ᠢᠷᠡᠯᠳᠡ ᠶᠢᠨ ᠭᠠᠵᠠᠷ ᠤᠨ ᠤᠰᠤᠨ ᠤ ᠴᠢᠨᠠᠷ ᠤᠨ ᠪᠠᠷᠢᠮᠵᠢᠶᠠᠨ ᠳᠤ ᠬᠦᠷᠦᠭᠰᠡᠨ ᠨᠤᠷᠮ᠎ᠠ ᠨᠢ 100% ᠳᠤ ᠬᠦᠷᠪᠡ᠃ ᠳᠦᠪ ᠤᠨ ᠤᠷᠴᠢᠨ ᠳᠤᠭᠤᠷᠢᠨ ᠤ | ᠬᠠᠮᠠᠭᠠᠯᠠᠯᠳᠠ ᠶᠢᠨ ᠱᠠᠭᠠᠷᠳᠠᠨ ᠪᠠᠶᠢᠴᠠᠭᠠᠯᠳᠠ ᠶᠢᠨ ︽ᠡᠷᠬᠢᠵᠤ ᠬᠠᠷᠠᠬᠤ︾ ᠠᠰᠠᠭᠤᠳᠠᠯ ᠢ ᠰᠢᠯᠵᠢᠬᠦᠯᠦᠨ ᠬᠦᠢᠴᠡᠳᠭᠡᠯᠭᠡᠭᠰᠡᠨ 80 ᠵᠠᠬᠢᠳᠠᠯ ᠰᠤᠷᠪᠤᠯᠵᠢᠯᠠᠭ᠎ᠠ ᠶᠢᠨ | ᠠᠰᠠᠭᠤᠳᠠᠯ ᠢ ᠦᠨᠳᠤᠰᠤᠨ ᠳᠡᠭᠡᠨ ᠰᠢᠢᠳᠪᠤᠷᠢᠯᠡᠪᠡ᠃ ᠪᠦᠬᠦ ᠤᠯᠤᠰ ᠤᠨ ᠬᠤᠶᠠᠳᠤᠭᠠᠷ ᠤᠳᠠᠭ᠎ᠠ ᠶᠢᠨ ᠪᠤᠬᠢᠷᠳᠤᠯ ᠤᠨ ᠢᠷᠡᠯᠳᠡ ᠶᠢ ᠨᠡᠶᠢᠳᠡᠮ ᠪᠠᠶᠢᠴᠠᠭᠠᠬᠤ | ᠡᠮᠤᠨ᠎ᠠ ᠬᠤᠭᠤᠴᠠᠭᠠᠨ ᠤ ᠪᠡᠯᠡᠳᠭᠡᠯ ᠠᠵᠢᠯ ᠵᠢᠴᠢ ᠴᠡᠪᠡᠷᠯᠡᠨ ᠪᠠᠶᠢᠴᠠᠭᠠᠵᠤ ᠬᠦᠮᠤᠷᠭᠡ ᠪᠠᠶᠢᠭᠤᠯᠬᠤ ᠠᠵᠢᠯ ᠤᠯᠤᠰ ᠤᠨ ᠰᠠᠶᠢᠰᠢᠶᠠᠯ ᠬᠦᠬᠢᠬᠦᠯᠤᠯ ᠢ ᠬᠦᠷᠳᠡᠪᠡ᠃ | — ᠦᠭᠡᠷᠡᠴᠢᠯᠡᠯᠳᠡ ᠰᠢᠨᠡᠴᠢᠯᠡᠯᠳᠡ ᠶᠢ ᠠᠬᠢᠭᠤᠯᠵᠤ᠂ ᠬᠦᠭᠵᠢᠯᠳᠡ ᠶᠢᠨ ᠠᠮᠢᠵᠢᠷᠠᠯ ᠤᠨ ᠬᠦᠴᠤᠨ ᠢ ᠬᠦᠭᠵᠢᠭᠡᠨ᠂ ᠠᠷᠠᠳ ᠠᠴᠠ ᠡᠵᠡᠩᠨᠡᠭᠰᠡᠨ ᠠᠵᠤ ᠠᠬᠤᠢ | ᠰᠢᠨ᠎ᠠ ᠬᠦᠭᠵᠢᠯᠳᠡ ᠲᠠᠢ ᠪᠤᠯᠪᠠ᠃ ᠮᠠᠯᠵᠢᠬᠤ ᠳᠠᠷᠢᠶᠠᠯᠠᠬᠤ ᠤᠷᠤᠨ ᠤ ᠦᠭᠡᠷᠡᠴᠢᠯᠡᠯᠳᠡ ᠶᠢ ᠳᠦᠷᠭᠡᠨ ᠠᠬᠢᠭᠤᠯᠵᠤ᠂ ᠭᠠᠵᠠᠷ ᠰᠢᠷᠤᠢ ᠨᠤᠳᠤᠭ ᠪᠡᠯᠴᠢᠭᠡᠷ ᠤᠨ | ᠡᠷᠭᠡ ᠶᠢ ᠳᠤᠳᠤᠷᠬᠠᠶᠢᠯᠠᠨ ᠳᠠᠩᠰᠠᠯᠠᠵᠤ ᠦᠨᠡᠮᠯᠡᠯ ᠤᠯᠭᠤᠬᠤ ᠠᠵᠢᠯ ᠢ ᠦᠨᠳᠤᠰᠤᠨ ᠳᠡᠭᠡᠨ ᠪᠡᠶᠡᠯᠡᠬᠦᠯᠵᠤ᠂ ᠤᠯᠤᠰ ᠤᠨ ᠦᠮᠴᠢᠯᠡᠯᠳᠤ ᠤᠢ ᠰᠢᠭᠤᠢ ᠶᠢᠨ | ᠳᠠᠯᠠᠪᠠᠢ᠂ ︽ᠬᠤᠶᠠᠷ ᠤᠷᠤᠨ︾ ᠢ ᠳᠤᠬᠳᠠᠭᠠᠬᠤ ᠵᠡᠷᠭᠡ ᠦᠭᠡᠷᠡᠴᠢᠯᠡᠯᠳᠡ ᠮᠦᠨ ᠴᠢᠨᠠᠷ ᠤᠨ ᠠᠬᠢᠴᠠ ᠲᠠᠢ ᠪᠤᠯᠪᠠ᠃ ᠤᠯᠤᠰ ᠤᠨ ᠪᠠᠶᠢᠭᠤᠯᠤᠮᠵᠢ ᠶᠢᠨ | ᠦᠭᠡᠷᠡᠴᠢᠯᠡᠯᠳᠡ ᠶᠢᠨ ᠳᠦᠰᠤᠯ ᠤᠨ ᠱᠠᠭᠠᠷᠳᠠᠯᠭ᠎ᠠ ᠶᠢ ᠪᠦᠬᠦ ᠳᠠᠯ᠎ᠠ ᠪᠠᠷ ᠳᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠵᠠᠰᠠᠭ ᠤᠨ ᠤᠷᠳᠤᠨ ᠤ ᠴᠢᠳᠠᠪᠬᠢ ᠶᠢ | ᠬᠤᠪᠢᠷᠠᠭᠤᠯᠬᠤ ᠶᠢ ᠳᠦᠷᠭᠡᠳᠭᠡᠨ᠂ ︽ᠳᠠᠯᠪᠢᠬᠤ ᠬᠠᠮᠢᠶᠠᠷᠬᠤ ᠤᠶᠢᠯᠡᠴᠢᠯᠡᠬᠦ︾ ᠦᠭᠡᠷᠡᠴᠢᠯᠡᠯᠳᠡ ᠪᠠ ︽ᠦᠷᠳᠡᠭᠡᠴᠢᠯᠡᠭᠰᠡᠨ ᠮᠠᠶ᠋ᠢᠭ︾ ᠤᠨ ᠴᠤᠩᠬᠤᠪᠴᠢ ᠶᠢᠨ | ᠤᠶᠢᠯᠡᠴᠢᠯᠡᠭᠡ ᠶᠢ ᠬᠦᠨᠵᠡᠭᠡᠢ ᠠᠬᠢᠭᠤᠯᠤᠨ᠂ ᠪᠦᠬᠦ ᠵᠢᠯ ᠳᠤ ᠡᠯ᠎ᠠ ᠳᠦᠷᠤᠯ ᠤᠨ ᠵᠠᠬ᠎ᠠ ᠳᠡᠯᠭᠡᠬᠦᠷ ᠤᠨ ᠭᠤᠤᠯ ᠴᠤᠬᠴᠠ ᠶᠢ 5231 ᠡᠷᠤᠭᠡ ᠰᠢᠨ᠎ᠠ ᠪᠠᠷ | ᠨᠡᠮᠡᠭᠳᠡᠬᠦᠯᠵᠤ᠂ ᠡᠬᠦᠨ ᠳᠤ ᠠᠷᠠᠳ ᠠᠴᠠ ᠡᠵᠡᠩᠨᠡᠭᠰᠡᠨ ᠭᠤᠤᠯ ᠴᠤᠬᠴᠠ 5181 ᠡᠷᠤᠭᠡ ᠪᠤᠢ᠃ ᠬᠤᠳᠠᠯᠳᠤᠭ᠎ᠠ ᠡᠷᠬᠢᠯᠡᠬᠦ ᠤᠷᠴᠢᠨ ᠳᠤᠭᠤᠷᠢᠨ ᠢ | ᠦᠷᠬᠦᠯᠵᠢᠯᠡᠨ ᠰᠢᠯᠢᠳᠡᠭᠵᠢᠬᠦᠯᠵᠤ᠂ ᠠᠵᠤ ᠠᠬᠤᠢ ᠶᠢᠨ ᠬᠦᠭᠵᠢᠯᠳᠡ ᠶᠢᠨ ᠠᠮᠢᠵᠢᠷᠠᠯ ᠤᠨ ᠬᠦᠴᠤᠨ ᠢ ᠴᠢᠨᠠᠬᠰᠢᠳᠠ ᠬᠦᠭᠵᠢᠭᠡᠨ᠂ ᠠᠷᠠᠳ ᠠᠴᠠ ᠡᠵᠡᠩᠨᠡᠭᠰᠡᠨ | ᠠᠵᠤ ᠠᠬᠤᠢ ᠪᠦᠬᠦ ᠬᠤᠰᠢᠭᠤᠨ ᠤ ᠠᠵᠤ ᠠᠬᠤᠢ ᠶᠢᠨ ᠶᠡᠷᠦᠩᠭᠡᠢ ᠭᠡᠮᠵᠢᠶ᠎ᠠ ᠶᠢᠨ 74.5% ᠶᠢ ᠡᠵᠡᠯᠡᠵᠤ᠂ ᠭᠠᠶᠢᠯᠢ ᠶᠢᠨ ᠤᠷᠤᠯᠭ᠎ᠠ ᠶᠢᠨ ᠶᠡᠷᠦᠩᠭᠡᠢ ᠳᠤᠭᠠᠨ ᠤ | 63% ᠶᠢ ᠡᠵᠡᠯᠡᠪᠡ᠃ | — ᠬᠦᠳᠡᠭᠡ ᠳᠤᠰᠬᠤᠨ ᠢ ᠬᠦᠭᠵᠢᠬᠦᠯᠬᠦ ᠪᠠᠶᠢᠯᠳᠤᠬᠤ ᠪᠤᠳᠤᠯᠭ᠎ᠠ ᠶᠢ ᠭᠡᠷᠡᠭᠵᠢᠬᠦᠯᠤᠨ᠂ ᠴᠢᠨᠠᠷᠯᠢᠭ ᠬᠤᠳᠠ ᠶᠢ ᠪᠦᠳᠤᠭᠡᠨ ᠪᠠᠶᠢᠭᠤᠯᠵᠤ᠂ ᠬᠤᠳᠠ ᠬᠦᠳᠡᠭᠡ ᠶᠢ | ᠨᠢᠭᠡᠳᠤᠯᠳᠡᠢ ᠳᠦᠯᠦᠪᠵᠢᠬᠦᠯᠬᠦ ᠳᠤ ᠰᠢᠨ᠎ᠠ ᠪᠠᠶᠢᠳᠠᠯ ᠢ ᠨᠡᠭᠡᠭᠡᠪᠡ᠃ ᠬᠤᠳᠠ ᠪᠠᠷ ᠬᠦᠳᠡᠭᠡ ᠶᠢ ᠳᠠᠶᠢᠴᠢᠯᠠᠬᠤ᠂ ᠬᠦᠳᠡᠭᠡ ᠪᠠᠷ ᠬᠤᠳᠠ ᠶᠢ ᠠᠬᠢᠭᠤᠯᠬᠤ ᠶᠢ | ᠪᠠᠷᠢᠮᠳᠠᠯᠠᠪᠠ᠃ ᠤᠰᠤ᠂ ᠴᠠᠬᠢᠯᠭᠠᠨ᠂ ᠵᠠᠮ᠂ ᠴᠢᠮᠡᠭᠡ ᠬᠤᠯᠪᠤᠭ᠎ᠠ ᠪᠠ ᠠᠷᠠᠯᠵᠢᠶ᠎ᠠ ᠬᠤᠳᠠᠯᠳᠤᠭᠠᠨ ᠤ ᠬᠦᠢᠯᠭᠡᠭᠡ ᠵᠡᠷᠭᠡ ᠰᠠᠭᠤᠷᠢ ᠳᠦᠬᠦᠭᠡᠷᠤᠮᠵᠢ ᠶᠢᠨ ᠪᠦᠳᠤᠭᠡᠨ | ᠪᠠᠶᠢᠭᠤᠯᠤᠯᠳᠠ ᠶᠢ ᠨᠢᠭᠡᠳᠤᠯᠳᠡᠢ ᠳᠦᠯᠦᠪᠵᠢᠬᠦᠯᠤᠨ ᠠᠬᠢᠭᠤᠯᠵᠤ᠂ ᠬᠤᠳᠠ ᠬᠦᠳᠡᠭᠡ ᠶᠢᠨ ᠤᠷᠴᠢᠨ ᠳᠤᠭᠤᠷᠢᠨ ᠢ ᠵᠠᠰᠠᠨ ᠴᠡᠭᠴᠡᠯᠡᠬᠦ ᠬᠦᠴᠤᠯᠡᠴᠡ ᠶᠢ | ᠨᠡᠮᠡᠭᠳᠡᠬᠦᠯᠵᠤ᠂ ︽ ᠴᠡᠴᠡᠷᠯᠢᠭᠵᠢᠬᠦᠯᠦᠯᠳᠡ᠂ ᠡᠷᠡᠬᠦᠯ ᠬᠠᠮᠠᠭᠠᠯᠠᠯ᠂ ᠪᠤᠯᠪᠠᠰᠤᠨ ᠬᠤᠳᠠ ᠬᠤᠯᠪᠤᠭᠠᠯᠠᠨ ᠪᠠᠶᠢᠭᠤᠯᠤᠬᠰᠠᠨ︾ ᠦᠷ᠎ᠠ ᠪᠦᠳᠤᠮᠵᠢ ᠶᠢ ᠤᠯᠠᠮ | ᠪᠠᠳᠤᠳᠬᠠᠨ᠂ ᠬᠦᠳᠡᠭᠡ ᠳᠤᠰᠬᠤᠨ ᠤ ᠳᠦᠷᠰᠤ ᠪᠠᠶᠢᠳᠠᠯ ᠢ ᠦᠷᠬᠦᠯᠵᠢᠯᠡᠨ ᠰᠠᠶᠢᠵᠢᠷᠠᠭᠤᠯᠵᠤ᠂ 2018 ᠤᠨ ᠤ ᠪᠦᠬᠦ ᠤᠯᠤᠰ ᠤᠨ ᠰᠢᠨ᠎ᠠ ᠭᠡᠯᠪᠡᠷᠢ ᠶᠢᠨ ᠬᠤᠳᠠ | ᠪᠠᠯᠭᠠᠰᠤᠵᠢᠯᠳᠠ ᠶᠢᠨ ᠴᠢᠨᠠᠷᠵᠢᠯ ᠤᠨ ᠵᠠᠭᠤᠨ ᠬᠦᠴᠦᠷᠭᠡᠭ ᠬᠤᠰᠢᠭᠤ ᠰᠢᠶᠠᠨ ᠤ ᠨᠢᠭᠡ ᠨᠢ ᠪᠤᠯᠵᠤ᠂ ᠪᠠᠢ ᠳ᠋ᠠ ᠯᠤ᠋ ᠳᠤᠰᠬᠤᠨ ᠨᠢ ᠦᠪᠡᠷᠳᠡᠭᠡᠨ ᠵᠠᠰᠠᠬᠤ ᠤᠷᠤᠨ ᠤ | ᠳᠡᠰ ᠤᠨ ᠬᠦᠳᠡᠭᠡ ᠳᠤᠰᠬᠤᠨ ᠢ ᠬᠦᠭᠵᠢᠬᠦᠯᠬᠦ ᠵᠢᠱᠢᠶ᠎ᠡ ᠦᠵᠡᠬᠦᠯᠬᠦ ᠴᠡᠭ ᠢᠶᠠᠷ ᠦᠨᠡᠯᠡᠭᠳᠡᠪᠡ᠃ ᠬᠦᠬᠡᠬᠤᠳᠠ ᠵᠡᠬᠦᠨᠭᠠᠷ ᠤᠷᠳᠤᠰ ᠤᠨ ᠳᠡᠮᠤᠷ ᠵᠠᠮ ᠤᠨ ᠵᠡᠬᠦᠨᠭᠠᠷ | ᠦᠷᠳᠡᠭᠡᠨ ᠳᠤ ᠬᠦᠳᠡᠯᠭᠡᠬᠦ ᠬᠦᠴᠤᠨᠳᠤ ᠭᠠᠯᠳᠤ ᠳᠡᠷᠭᠡ ᠶᠢ ᠨᠡᠪᠳᠡᠷᠡᠬᠦᠯᠤᠨ᠂ ᠵᠡᠬᠦᠨᠭᠠᠷ ᠠᠴᠠ ᠱᠦᠸᠧᠵᠸᠤ ᠬᠦᠷᠬᠦ ᠳᠡᠮᠤᠷ ᠵᠠᠮ ᠪᠠᠶᠢᠭᠤᠯᠤᠬᠳᠠᠨ᠂ ᠳᠡᠮᠤᠷ ᠵᠠᠮ ᠢ | 63 ᠺᠢᠯᠤᠮᠧᠲᠷ ᠰᠢᠨ᠎ᠠ ᠪᠠᠷ ᠨᠡᠮᠡᠭᠳᠡᠬᠦᠯᠪᠡ︔ ᠳ᠋ᠠᠲ᠋ᠦ᠋ᠩ ᠠᠴᠠ ᠯᠦᠩ ᠺᠸᠤ ᠬᠦᠷᠬᠦ ᠳᠡᠭᠡᠳᠤ ᠬᠤᠷᠳᠤᠴᠠᠳᠤ ᠵᠠᠰᠠᠮᠠᠯ ᠵᠠᠮ ᠵᠡᠷᠭᠡ ᠳᠦᠷᠤᠯ ᠵᠤᠶᠢᠯ ᠢ ᠯᠠᠪᠳᠠᠭᠤᠨ | ᠢᠶᠠᠷ ᠠᠬᠢᠭᠤᠯᠵᠤ᠂ ᠬᠠᠳᠤᠨ ᠭᠤᠤᠯ ᠳᠠᠭᠠᠤ ︽ᠨᠢᠭᠡᠳᠤᠭᠡᠷ ᠳᠡᠰ ᠤᠨ ᠵᠠᠮ ᠢ ᠳᠡᠭᠡᠳᠤ ᠬᠤᠷᠳᠤᠴᠠᠳᠤ ᠵᠠᠰᠠᠮᠠᠯ ᠵᠠᠮ ᠪᠤᠯᠭᠠᠨ ᠬᠤᠪᠢᠷᠠᠭᠤᠯᠬᠤ︾ ᠳᠦᠷᠤᠯ ᠵᠤᠶᠢᠯ | ᠤᠨ ᠰᠦᠯᠵᠢᠶᠡᠨ ᠳᠡᠭᠡᠷ᠎ᠠ ᠰᠤᠶᠢᠳᠭᠡᠯ ᠬᠤᠷᠢᠶᠠᠬᠤ ᠨᠢ ᠤᠯᠠᠨ ᠤ ᠬᠦᠷᠢᠶᠡᠯᠡᠯ ᠢ ᠤᠯᠵᠤ᠂ ᠪᠦᠬᠦ ᠤᠯᠤᠰ ᠤᠨ ︽ᠳᠦᠷᠪᠡᠨ ᠰᠠᠶᠢᠨ ᠬᠦᠳᠡᠭᠡ ᠳᠤᠰᠬᠤᠨ ᠤ ᠵᠠᠮ︾ | ᠤᠨ ᠵᠢᠱᠢᠶ᠎ᠠ ᠦᠵᠡᠬᠦᠯᠬᠦ ᠬᠤᠰᠢᠭᠤ ᠰᠢᠶᠠᠨ ᠢᠶᠠᠷ ᠦᠨᠡᠯᠡᠭᠳᠡᠪᠡ︔ ᠬᠠᠳᠤᠨ ᠭᠤᠤᠯ ᠤᠨ ᠦᠶᠡᠷ ᠢ ᠰᠡᠷᠭᠡᠶᠢᠯᠡᠬᠦ᠂ ᠬᠠᠳᠤᠨ ᠭᠤᠤᠯ ᠤᠨ ᠤᠰᠤ ᠶᠢ ᠤᠷᠤᠭᠤᠯᠤᠨ | ᠠᠪᠴᠢᠷᠠᠵᠤ ᠤᠰᠤ ᠬᠠᠩᠭᠠᠬᠤ ᠵᠡᠷᠭᠡ ᠭᠤᠤᠯᠳᠠᠯᠭ᠎ᠠ ᠲᠠᠢ ᠤᠰᠤᠨ ᠠᠰᠢᠬᠯᠠᠯᠳᠠ ᠶᠢᠨ ᠪᠠᠷᠢᠯᠭ᠎ᠠ ᠡᠮᠬᠢ ᠳᠢᠭᠯᠢᠮ ᠲᠠᠢ ᠠᠬᠢᠪᠠ︔ ᠨᠠᠨ ᠱᠠᠨ ᠤ 110 ᠺᠢᠯᠤᠸᠤᠯᠲ | ᠤᠨ ᠴᠠᠬᠢᠯᠭᠠᠨᠬᠤᠪᠢᠰᠬᠠᠬᠤ ᠪᠠᠷᠢᠯᠭ᠎ᠠ ᠵᠡᠷᠭᠡ 5 ᠳᠦᠷᠤᠯ ᠵᠤᠶᠢᠯ ᠠᠰᠢᠬᠯᠠᠯᠳᠠ ᠳᠤ ᠤᠷᠤᠵᠤ ᠴᠠᠬᠢᠯᠭᠠᠨ ᠬᠦᠷᠭᠡᠨ᠂ ᠬᠦᠭᠵᠢᠯᠳᠡ ᠶᠢᠨ ᠳᠤᠯᠭᠠᠭᠤᠷᠢᠯᠠᠬᠤ | ᠴᠢᠳᠠᠪᠤᠷᠢ ᠨᠢ ᠢᠯᠡᠷᠭᠡᠢ ᠴᠢᠩᠭᠠᠷᠠᠪᠠ᠃ ᠳᠤᠰᠬᠤᠨ ᠳᠤ ᠳᠤᠬᠢᠷᠠᠭᠤᠯᠤᠨ ᠪᠤᠳᠠᠳᠤ ᠤᠶᠢᠯᠡᠰ ᠡᠷᠬᠢᠯᠡᠬᠦ ᠶᠢ ᠪᠠᠷᠢᠮᠳᠠᠯᠠᠪᠠ᠃ ᠮᠠᠨ ᠤ ᠬᠤᠰᠢᠭᠤᠨ ᠤ ᠠᠵᠤ | ᠤᠶᠢᠯᠡᠳᠪᠤᠷᠢ ᠠᠭᠤᠷᠬᠠᠢ ᠶᠢᠨ ᠠᠵᠤ ᠠᠬᠤᠶᠢᠯᠠᠯ ᠤᠯᠠᠨ ᠪᠠᠶᠢᠭ᠎ᠠ ᠳᠠᠪᠠᠭᠤᠯᠢᠭ ᠢᠶᠠᠨ ᠬᠦᠢᠴᠡᠳ ᠪᠠᠳᠠᠷᠠᠭᠤᠯᠵᠤ᠂ ︽ᠵᠠᠭᠤᠨ ᠠᠵᠤ ᠠᠬᠤᠶᠢᠯᠠᠯ ᠵᠠᠭᠤᠨ ᠭᠠᠴᠠᠭ᠎ᠠ | ᠳᠤᠰᠬᠤᠨ ᠢ ᠬᠠᠪᠰᠤᠷᠬᠤ︾ ᠠᠵᠢᠯᠯᠠᠭ᠎ᠠ ᠶᠢ ᠬᠦᠨᠵᠡᠭᠡᠢ ᠦᠷᠨᠢᠬᠦᠯᠤᠨ᠂ ᠬᠠᠪᠰᠤᠷᠤᠨ ᠳᠡᠳᠬᠦᠬᠦ ᠪᠡᠯᠡ ᠮᠦᠩᠬᠦ ᠶᠢ 1970 ᠳᠦᠮᠡᠨ ᠳᠦᠬᠦᠷᠢᠭ ᠤᠷᠤᠭᠤᠯᠤᠨ᠂ | ᠰᠢᠨ᠎ᠠ ᠪᠠᠷ ᠵᠤᠬᠢᠶᠠᠨ ᠪᠠᠶᠢᠭᠤᠯᠤᠬᠰᠠᠨ ᠳᠠᠷᠢᠮᠠᠯ ᠳᠡᠵᠢᠭᠡᠪᠤᠷᠢ ᠶᠢᠨ ᠳᠤᠰᠬᠠᠢ ᠬᠤᠷᠰᠢᠶᠠᠵᠢᠯ᠂ ᠴᠡᠪᠡᠷᠯᠡᠭᠡᠨ ᠤ ᠬᠦᠳᠡᠯᠮᠤᠷᠢ ᠶᠢᠨ ᠶᠠᠪᠤᠳᠠᠯ ᠤᠨ ᠺᠤᠮᠫᠠᠨᠢ 28 ᠪᠤᠯᠵᠤ | ᠂ ᠳᠤᠰᠬᠤᠨ ᠤ ᠬᠠᠮᠳᠤ ᠶᠢᠨ ᠠᠵᠤ ᠠᠬᠤᠢ ᠶᠢ ᠬᠦᠭᠵᠢᠬᠦᠯᠬᠦ ᠪᠠᠷ ᠬᠦᠳᠡᠭᠡ ᠳᠤᠰᠬᠤᠨ ᠤ ᠠᠵᠤ ᠤᠶᠢᠯᠡᠰ ᠡᠷᠡᠬᠦᠯ ᠢᠶᠠᠷ ᠬᠦᠭᠵᠢᠬᠦ᠂ ᠶᠠᠳᠠᠭᠤ ᠬᠦᠴᠢᠷᠳᠡᠯᠳᠡᠢ | ᠡᠷᠤᠭᠡ ᠶᠢᠨ ᠤᠷᠤᠯᠭ᠎ᠠ ᠪᠠᠨ ᠳᠤᠬᠳᠠᠭᠤᠨ ᠢᠶᠠᠷ ᠨᠡᠮᠡᠭᠳᠡᠬᠦᠯᠬᠦ ᠶᠢ ᠳᠠᠶᠢᠴᠢᠯᠠᠪᠠ᠃ ᠨᠠᠮ ᠤᠨ ᠪᠠᠶᠢᠭᠤᠯᠤᠯᠳᠠ ᠪᠠᠷ ᠬᠦᠳᠦᠯᠦᠬᠦᠯᠤᠨ᠂ ᠵᠢᠱᠢᠶ᠎ᠠ ᠦᠵᠡᠬᠦᠯᠵᠤ | ᠳᠠᠶᠢᠴᠢᠯᠠᠬᠤ ᠶᠢ ᠪᠠᠷᠢᠮᠳᠠᠯᠠᠪᠠ᠃ ᠳᠤᠰᠬᠤᠨ ᠤ ᠱᠠᠳᠤᠨ ᠤ ᠬᠤᠭᠤᠴᠠᠭ᠎ᠠ ᠰᠤᠯᠢᠬᠤ ᠡᠬᠦᠷᠭᠡ ᠶᠢ ᠪᠦᠬᠦ ᠳᠠᠯ᠎ᠠ ᠪᠠᠷ ᠪᠡᠶᠡᠯᠡᠬᠦᠯᠵᠤ᠂ ᠰᠢᠨ᠎ᠠ ᠴᠠᠭ ᠦᠶ᠎ᠠ ᠶᠢᠨ | ᠳᠠᠷᠢᠶᠠᠴᠢᠳ ᠢ ᠳᠠᠭᠠᠭᠤᠯᠤᠨ ᠴᠢᠨᠡᠭᠡᠯᠢᠭᠵᠢᠬᠦᠯᠳᠡᠭ ᠨᠢᠭᠡ ᠪᠦᠯᠦᠭ ᠵᠠᠯᠠᠭᠤ ᠳᠤᠷᠪᠢᠳᠠᠢ᠂ ᠤᠶᠢᠯᠡᠰ ᠪᠦᠳᠤᠭᠡᠬᠦ ᠵᠤᠷᠢᠭ ᠲᠠᠢ᠂ ᠳᠦᠪ ᠭᠤᠤᠯᠴᠢ ᠰᠢᠳᠤᠷᠭᠤ | ᠳᠤᠯᠤᠭᠠᠶᠢᠯᠠᠬᠴᠢ ᠶᠢ ᠳᠤᠰᠬᠤᠨ ᠤ ᠬᠤᠶᠠᠷ ᠵᠦᠪᠯᠡᠯ ᠳᠤ ᠤᠷᠤᠭᠤᠯᠤᠨ᠂ ᠬᠦᠭᠵᠢᠯᠳᠡ ᠶᠢᠨ ᠪᠠᠳᠤ ᠰᠠᠭᠤᠷᠢ ᠶᠢ ᠳᠠᠯᠪᠢᠪᠠ᠃ | — ᠠᠷᠠᠳ ᠤᠨ ᠪᠠᠶᠢᠳᠠᠯ ᠤᠯᠠᠨ ᠤ ᠰᠠᠨᠠᠯ ᠢ ᠠᠩᠬᠠᠷᠴᠤ᠂ ᠠᠷᠠᠳ ᠤᠨ ᠠᠮᠢᠳᠤᠷᠠᠯ ᠤᠨ ᠪᠡᠯᠡ ᠤᠷᠤᠭᠤᠯᠤᠯᠳᠠ ᠶᠢ ᠨᠡᠮᠡᠭᠳᠡᠬᠦᠯᠤᠨ᠂ ᠨᠡᠶᠢᠭᠡᠮ ᠤᠨ ᠤᠶᠢᠯᠡᠰ | ᠰᠢᠨ᠎ᠠ ᠳᠠᠪᠰᠢᠯᠳᠠ ᠲᠠᠢ ᠪᠤᠯᠪᠠ᠃ ᠬᠦᠮᠤᠨ ᠤ ᠬᠦᠴᠤ᠂ ᠡᠳ᠋ ᠤᠨ ᠬᠦᠴᠤ᠂ ᠪᠤᠳᠠᠰ ᠤᠨ ᠬᠦᠴᠤ ᠶᠢ ᠳᠦᠪᠯᠡᠷᠡᠬᠦᠯᠤᠨ ᠤᠯᠠᠨ ᠳᠦᠮᠡᠨ ᠤ ᠤᠶᠢᠯᠡᠳᠪᠤᠷᠢᠯᠡᠯ | ᠠᠮᠢᠳᠤᠷᠠᠯ ᠳᠤᠮᠳᠠᠬᠢ ᠬᠠᠯᠠᠮᠰᠢᠯ ᠠᠰᠠᠭᠤᠳᠠᠯ ᠬᠦᠴᠢᠷᠳᠡᠯ ᠲᠠᠢ ᠠᠰᠠᠭᠤᠳᠠᠯ ᠢ ᠰᠢᠢᠳᠪᠤᠷᠢᠯᠡᠵᠤ᠂ ᠪᠦᠬᠦ ᠵᠢᠯ ᠳᠤ ᠠᠷᠠᠳ ᠤᠨ ᠠᠮᠢᠳᠤᠷᠠᠯ ᠪᠠ ᠨᠡᠶᠢᠭᠡᠮ ᠤᠨ | ᠤᠶᠢᠯᠡᠰ ᠲᠤ 75 ᠳ᠋ᠦᠩᠰᠢᠭᠤᠷ ᠳᠦᠬᠦᠷᠢᠭ ᠵᠠᠷᠤᠴᠠᠭᠤᠯᠵᠤ᠂ ᠡᠳ᠋ ᠤᠨ ᠵᠠᠰᠠᠭ ᠤᠨ ᠶᠡᠷᠦᠩᠭᠡᠢ ᠵᠠᠷᠤᠯᠭ᠎ᠠ ᠶᠢᠨ 85% ᠶᠢ ᠡᠵᠡᠯᠡᠨ᠂ ᠬᠤᠳᠠ ᠬᠦᠳᠡᠭᠡ ᠶᠢᠨ | ᠰᠠᠭᠤᠭᠠᠯᠢ ᠠᠷᠠᠳ ᠤᠨ ᠬᠦᠮᠤᠨ ᠳᠤᠮᠳᠠᠴᠢ ᠳᠤᠬᠢᠷᠠᠭᠤᠯᠵᠤ ᠪᠤᠯᠬᠤ ᠤᠷᠤᠯᠭ᠎ᠠ 48207 ᠳᠦᠬᠦᠷᠢᠭ ᠪᠠ18247 ᠳᠦᠬᠦᠷᠢᠭ ᠲᠤ ᠬᠦᠷᠴᠤ᠂ ᠳᠤᠰᠪᠤᠷᠢ 7. | 2% ᠪᠠ 8.9% ᠪᠠᠷ ᠨᠡᠮᠡᠭᠳᠡᠪᠡ᠃ ᠬᠤᠳᠠ ᠪᠠᠯᠭᠠᠰᠤᠨ ᠤ ᠠᠵᠢᠯ ᠤᠯᠭᠤᠬᠰᠠᠨ ᠬᠦᠮᠤᠨ ᠢ ᠰᠢᠨ᠎ᠠ ᠪᠠᠷ 5125ᠨᠡᠮᠡᠭᠳᠡᠬᠦᠯᠵᠤ᠂14 ᠰᠤᠷᠭᠠᠭᠤᠯᠢ ᠬᠡᠤᠬᠡᠳ | ᠤᠨ ᠴᠡᠴᠡᠷᠯᠢᠭ ᠢ ᠰᠢᠨ᠎ᠠ ᠪᠠᠷ ᠪᠠᠶᠢᠭᠤᠯᠤᠬᠰᠠᠨ ᠪᠠ ᠦᠷᠬᠦᠯᠵᠢᠯᠡᠨ ᠪᠠᠶᠢᠭᠤᠯᠵᠤ᠂ 3 ᠭᠤᠤᠯᠳᠠᠯᠭᠠᠳᠤ ᠡᠷᠡᠬᠦᠯ ᠬᠠᠮᠠᠭᠠᠯᠠᠯ ᠤᠨ ᠬᠤᠷᠢᠶ᠎ᠠ ᠶᠢ ᠪᠠᠶᠢᠭᠤᠯᠵᠤ | ᠠᠰᠢᠬᠯᠠᠯᠳᠠ ᠳᠤ ᠤᠷᠤᠭᠤᠯᠤᠨ᠂ ᠮᠠᠩᠬᠠᠨ ᠠᠶᠠᠯᠭᠤ ᠶᠢᠨ ᠳᠠᠭᠤᠯᠠᠯᠳᠤ ᠵᠦᠴᠤᠭᠡ ︽ᠰᠡᠳᠬᠢᠯ ᠤᠨ ᠠᠷᠭᠠᠮᠵᠢᠶ᠎ᠠ︾ ᠨᠢ ᠪᠦᠬᠦ ᠤᠯᠤᠰ ᠤᠨ ᠰᠢᠯᠢᠳᠡᠭ | ᠳᠠᠭᠤᠯᠠᠯᠳᠤ ᠵᠦᠴᠤᠭᠡ ᠶᠢᠨ ᠳᠤᠬᠯᠠᠯᠳᠠ ᠶᠢᠨ ᠦᠵᠡᠬᠦᠯᠦᠯᠭᠡ ᠳᠤ ᠤᠷᠤᠵᠤ᠂ ᠬᠤᠰᠢᠭᠤᠨ ᠤ ᠨᠤᠮ ᠤᠨ ᠰᠠᠩ ᠨᠢ ᠤᠯᠤᠰ ᠤᠨ ᠬᠤᠰᠢᠭᠤ ᠰᠢᠶᠠᠨ ᠤ ᠳᠡᠰ ᠤᠨ | ᠨᠢᠭᠡᠳᠤᠭᠡᠷ ᠳᠡᠰ ᠤᠨ ᠨᠤᠮ ᠤᠨ ᠰᠠᠩ ᠢᠶᠠᠷ ᠬᠦᠬᠢᠬᠦᠯᠦᠭᠳᠡᠪᠡ᠃ ᠠᠶᠤᠯᠬᠦᠢ ᠤᠶᠢᠯᠡᠳᠪᠤᠷᠢᠯᠡᠯ᠂ ᠬᠢᠵᠢᠭ ᠢ ᠰᠡᠷᠭᠡᠶᠢᠯᠡᠨ ᠬᠤᠷᠢᠬᠯᠠᠬᠤ ᠪᠠᠶᠢᠳᠠᠯ ᠶᠡᠷᠦᠩᠭᠡᠢ ᠳᠡᠭᠡᠨ | ᠳᠤᠬᠳᠠᠭᠤᠨ ᠪᠠᠶᠢᠵᠤ᠂ ᠵᠦᠷᠢᠴᠡᠯ ᠵᠢᠭᠤᠷᠠᠯᠳᠤᠭᠠᠨ ᠢ ᠡᠶᠡᠳᠡᠬᠦᠯᠬᠦ᠂ ᠬᠠᠷ᠎ᠠ ᠪᠦᠯᠦᠭᠳᠡᠨ ᠢ ᠱᠦᠬᠦᠷᠳᠡᠨ ᠬᠠᠷᠬᠢᠰ ᠬᠦᠴᠤᠨ ᠢ ᠠᠷᠢᠯᠭᠠᠬᠤ ᠠᠵᠢᠯᠯᠠᠭ᠎ᠠ ᠶᠢ | ᠬᠦᠨᠵᠡᠭᠡᠢ ᠦᠷᠨᠢᠬᠦᠯᠵᠤ᠂ ᠨᠡᠶᠢᠭᠡᠮ ᠤᠨ ᠪᠠᠶᠢᠳᠠᠯ ᠡᠶ᠎ᠡ ᠵᠤᠬᠢᠴᠠᠯ ᠲᠠᠢ ᠳᠤᠬᠳᠠᠭᠤᠨ ᠪᠤᠯᠵᠤ᠂ ᠤᠯᠠᠨ ᠳᠦᠮᠡᠨ ᠤ ᠰᠠᠶᠢᠨ ᠰᠠᠶᠢᠬᠠᠨ ᠠᠮᠢᠳᠤᠷᠠᠯ ᠤᠨ ᠬᠦᠷᠳᠡᠮᠵᠢ | ᠶᠢᠨ ᠳᠦᠷᠦᠭᠳᠡᠯ᠂ ᠬᠠᠨᠤᠮᠵᠢᠳᠤ ᠪᠠᠶᠢᠳᠠᠯ ᠢᠯᠡᠷᠭᠡᠢ ᠰᠠᠶᠢᠵᠢᠷᠠᠨ᠂ ᠪᠦᠬᠦ ᠤᠯᠤᠰ ᠤᠨ ᠵᠤᠯ ᠵᠢᠷᠭᠠᠯᠳᠤ ᠵᠠᠭᠤᠨ ᠬᠤᠰᠢᠭᠤ ᠰᠢᠶᠠᠨ ᠤ ᠵᠢᠬᠰᠠᠭᠠᠯ ᠳᠤ ᠢᠷᠠᠭᠤ | ᠠᠯᠳᠠᠷ ᠲᠠᠢ ᠪᠠᠷ ᠤᠷᠤᠬᠰᠠᠨ ᠪᠠᠶᠢᠨ᠎ᠠ᠃ | — ᠳᠤᠰ ᠪᠠᠶ᠎ᠠ ᠶᠢᠨ ᠪᠠᠶᠢᠭᠤᠯᠤᠯᠳᠠ ᠶᠢ ᠴᠢᠩᠭᠠᠳᠬᠠᠨ᠂ ᠰᠠᠬᠢᠯᠭ᠎ᠠ ᠪᠠᠳᠤ ᠶᠤᠰᠤ ᠳᠦᠷᠢᠮ ᠢ ᠴᠢᠩᠭ᠎ᠠ ᠰᠠᠬᠢᠵᠤ᠂ ᠬᠠᠤᠯᠢ ᠪᠠᠷ ᠵᠠᠰᠠᠬᠤ ᠬᠢᠷᠢ ᠳᠦᠪᠰᠢᠨ ᠰᠢᠨ᠎ᠠ | ᠳᠡᠭᠡᠭᠰᠢᠯᠡᠯᠳᠡ ᠲᠠᠢ ᠪᠤᠯᠪᠠ᠃ ᠵᠠᠰᠠᠭ ᠤᠨ ᠤᠷᠳᠤᠨ ᠤ ᠰᠢᠰᠲ᠋ᠧᠮ ᠤᠨ ᠪᠦᠬᠦ ᠳᠠᠯ᠎ᠠ ᠪᠠᠷ ᠨᠠᠮ ᠢ ᠴᠢᠩᠭ᠎ᠠ ᠵᠠᠰᠠᠬᠤ ᠭᠤᠤᠯ ᠴᠤᠬᠴᠠ ᠶᠢᠨ ᠬᠠᠷᠢᠭᠤᠴᠠᠯᠭ᠎ᠠ ᠶᠢ | ᠴᠢᠩᠭ᠎ᠠ ᠨᠠᠶᠢᠳᠠᠪᠤᠷᠢᠵᠢᠭᠤᠯᠤᠨ᠂ ︽ᠳᠦᠷᠪᠡᠨ ᠤᠬᠠᠮᠰᠠᠷ︾ ᠢ ᠪᠠᠳᠤ ᠪᠠᠬᠢ ᠪᠤᠢ ᠪᠤᠯᠭᠠᠨ᠂ ︽ᠳᠦᠷᠪᠡᠨ ᠢᠳᠡᠭᠡᠯ︾ ᠢ ᠪᠠᠳᠤᠳᠬᠠᠵᠤ᠂ ︽ᠬᠤᠶᠠᠷ ᠢ | ᠬᠠᠮᠠᠭᠠᠯᠠᠬᠤ︾ ᠶᠢ ᠡᠷᠡᠰ ᠪᠡᠶᠡᠯᠡᠬᠦᠯᠪᠡ᠃ ᠳᠡᠭᠡᠳᠤ ᠱᠠᠳᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠪᠠ ᠬᠤᠰᠢᠭᠤᠨ ᠤ ᠨᠠᠮ ᠤᠨ ᠬᠤᠷᠢᠶᠠᠨ ᠤ | ᠰᠢᠢᠳᠪᠤᠷᠢᠳᠤ ᠪᠤᠳᠤᠯᠭ᠎ᠠ ᠶᠢᠨ ᠪᠠᠶᠢᠷᠢᠯᠠᠭᠤᠯᠤᠯᠳᠠ ᠶᠢ ᠳᠡᠷᠡ ᠭᠡᠪ ᠢᠶᠠᠷ ᠨᠢ ᠳᠤᠭᠤᠰᠢᠯᠠᠭᠤᠯᠤᠨ ᠨᠠᠶᠢᠳᠠᠪᠤᠷᠢᠵᠢᠭᠤᠯᠪᠠ᠃ ᠠᠷᠠᠳ ᠤᠨ ᠳᠦᠯᠦᠭᠡᠯᠡᠭᠴᠢᠳ ᠤᠨ ᠶᠡᠭᠡ | ᠬᠤᠷᠠᠯ ᠵᠢᠴᠢ ᠪᠠᠶᠢᠩᠭᠤ ᠶᠢᠨ ᠬᠤᠷᠢᠶᠠᠨ ᠤ ᠰᠢᠢᠳᠪᠤᠷᠢ ᠳᠤᠬᠳᠠᠭᠠᠯ ᠢ ᠴᠢᠩᠭ᠎ᠠ ᠭᠡᠷᠡᠭᠵᠢᠬᠦᠯᠤᠨ᠂ ᠤᠯᠤᠰ ᠲᠦᠷᠦ ᠶᠢᠨ ᠵᠦᠪᠯᠡᠯᠭᠡᠨ ᠤ ᠠᠷᠠᠳᠴᠢᠯᠠᠯ ᠢᠶᠠᠷ | ᠬᠢᠨᠠᠯᠳᠠ ᠳᠠᠯᠪᠢᠬᠤ ᠶᠢ ᠤᠬᠠᠮᠰᠠᠷ ᠠᠴᠠ ᠪᠠᠨ ᠬᠦᠯᠢᠶᠡᠵᠤ᠂ ᠨᠡᠶᠢᠭᠡᠮ ᠤᠨ ᠬᠢᠨᠠᠯᠳᠠ ᠪᠠ ᠶᠠᠷᠢᠶ᠎ᠠ ᠭᠡᠯᠡᠯᠴᠡᠭᠡᠨ ᠤ ᠬᠢᠨᠠᠯᠳᠠ ᠶᠢ ᠰᠠᠨᠠᠭᠠᠴᠢᠯᠠᠭ᠎ᠠ ᠲᠠᠢ ᠪᠠᠷ ᠬᠦᠯᠢᠶᠡᠨ | ᠠᠪᠴᠤ᠂ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠰᠠᠨᠠᠯ ᠰᠠᠨᠠᠭᠤᠯᠭ᠎ᠠ ᠶᠢ 97 ᠬᠤᠪᠢ᠂ ᠤᠯᠤᠰ ᠳᠦᠷᠦ ᠶᠢᠨ ᠵᠦᠪᠯᠡᠯᠭᠡᠨ ᠤ ᠰᠠᠨᠠᠯ ᠳᠤᠷᠠᠳᠤᠯᠭ᠎ᠠ | ᠶᠢ 83 ᠬᠤᠪᠢ ᠬᠦᠢᠴᠡᠳᠭᠡᠵᠤ ᠳᠠᠭᠤᠰᠬᠠᠪᠠ᠃ ᠳᠤᠭ᠎ᠠ ᠪᠦᠷᠢᠳᠭᠡᠯ ᠤᠨ ᠪᠠᠶᠢᠴᠠᠭᠠᠯᠳᠠ᠂ ᠦᠨᠳᠤᠰᠤᠳᠡᠨ ᠱᠠᠰᠢᠨ ᠰᠤᠷᠳᠠᠬᠤᠨ᠂ ᠤᠯᠤᠰ ᠤᠨ ᠪᠠᠳᠤᠯᠠᠨ | ᠬᠠᠮᠠᠭᠠᠯᠠᠯᠳᠠ ᠶᠢᠨ ᠳᠠᠶᠢᠴᠢᠯᠠᠯᠳᠠ᠂ ᠠᠷᠠᠳ ᠤᠨ ᠠᠭᠠᠷ ᠤᠨ ᠰᠡᠷᠭᠡᠶᠢᠯᠡᠯᠳᠡ ᠶᠢᠨ ᠠᠵᠢᠯ ᠳᠡᠭᠡᠷ᠎ᠠ ᠪᠠᠨ ᠰᠢᠨ᠎ᠠ ᠠᠮᠵᠢᠯᠳᠠ ᠶᠢ ᠤᠯᠵᠤ᠂ ᠬᠠᠤᠯᠢ ᠴᠠᠭᠠᠵᠠ ᠪᠠᠷ | ᠵᠠᠰᠠᠭ ᠶᠠᠪᠤᠭᠤᠯᠬᠤ᠂ ᠬᠦᠨᠳᠡᠯᠡᠨ ᠠᠴᠠ ᠳᠠᠰᠤᠯᠬᠤ ᠤᠶᠢᠯᠡᠳᠤᠯ ᠢ ᠴᠢᠨᠠᠬᠰᠢᠳᠠ ᠪᠠᠳᠠᠷᠠᠭᠤᠯᠤᠨ᠂ ᠰᠤᠨᠢᠨ ᠮᠡᠳᠡᠭᠡ ᠷᠠᠳᠢᠤ᠋ ᠲᠧᠯᠸᠢᠰ᠂ ᠤᠯᠠᠨ ᠳᠦᠮᠡᠨᠴᠢ ᠳᠠᠮᠢᠷ᠂ | ᠡᠮᠡᠭᠳᠡᠶᠢᠴᠤᠳ ᠬᠡᠤᠬᠡᠳ᠂ ᠠᠵᠢᠯᠴᠢᠨ ᠤ ᠡᠪᠯᠡᠯ᠂ ᠡᠪᠯᠡᠯ ᠤᠨ ᠬᠤᠷᠢᠶ᠎ᠠ᠂ ᠵᠡᠮᠳᠡᠭᠴᠤᠳ᠂ ᠤᠯᠠᠭᠠᠨ ᠵᠠᠭᠠᠯᠮᠠᠶᠢᠳᠠᠨ᠂ ᠳᠡᠤᠭᠡ ᠳᠠᠩᠰᠠ ᠡᠪᠭᠡᠮᠡᠯ᠂ ᠴᠠᠭ ᠠᠭᠤᠷ | ᠭᠠᠵᠠᠷ ᠬᠦᠳᠡᠯᠤᠯᠳᠡ᠂ ᠨᠡᠶᠢᠭᠡᠮ ᠤᠨ ᠪᠠᠳᠤᠯᠠᠭ᠎ᠠ᠂ ᠭᠠᠳᠠᠭᠠᠳᠤ ᠬᠠᠷᠢᠯᠴᠠᠭᠠᠨ ᠤ ᠬᠠᠷᠢᠶᠠᠳᠤ ᠶᠢᠨ ᠶᠠᠪᠤᠳᠠᠯ᠂ ᠨᠠᠰᠤᠳᠠᠶᠢᠴᠤᠳ ᠤᠨ ᠠᠵᠢᠯ ᠰᠢᠨᠵᠢᠯᠡᠬᠦ ᠤᠬᠠᠭᠠᠨ | ᠮᠡᠷᠭᠡᠵᠢᠯ ᠢ ᠳᠦᠭᠡᠮᠡᠯᠵᠢᠬᠦᠯᠬᠦ ᠵᠡᠷᠭᠡ ᠡᠯ᠎ᠡ ᠳᠦᠷᠤᠯ ᠤᠨ ᠤᠶᠢᠯᠡᠰ ᠦᠷᠬᠦᠯᠵᠢᠯᠡᠨ ᠡᠷᠡᠬᠦᠯ ᠢᠶᠠᠷ ᠬᠦᠭᠵᠢᠵᠤ᠂ ᠡᠯ᠎ᠠ ᠰᠢᠭᠤᠳ ᠬᠠᠷᠢᠶ᠎ᠠ ᠪᠠᠶᠢᠭᠤᠯᠭ᠎ᠠ᠂ ᠮᠦᠩᠬᠦᠨ | ᠬᠦᠢᠯᠭᠡᠭᠡᠨ ᠤ ᠪᠠᠶᠢᠭᠤᠯᠤᠮᠵᠢ ᠵᠡᠷᠭᠡ ᠨᠢ ᠪᠦᠬᠦ ᠬᠤᠰᠢᠭᠤᠨ ᠤ ᠠᠵᠤ ᠠᠬᠤᠢ ᠨᠡᠶᠢᠭᠡᠮ ᠤᠨ ᠬᠦᠭᠵᠢᠯᠳᠡ ᠳᠤ ᠬᠦᠴᠦᠷᠭᠡᠭ ᠶᠡᠭᠡ ᠳᠤᠯᠭᠠᠭᠤᠷᠢᠯᠠᠯ ᠪᠠ ᠪᠠᠳᠤᠯᠠᠭ᠎ᠠ ᠶᠢ | ᠬᠠᠩᠭᠠᠪᠠ᠃ | ᠳᠦᠯᠦᠭᠡᠯᠡᠭᠴᠢᠳ ᠡ᠂ ᠡᠳᠡᠭᠡᠷ ᠠᠮᠵᠢᠯᠳᠠ ᠪᠦᠳᠤᠮᠵᠢ ᠶᠢ ᠤᠯᠤᠬᠰᠠᠨ ᠨᠢ ᠬᠤᠰᠢᠭᠤᠨ ᠤ ᠨᠠᠮ ᠤᠨ ᠬᠤᠷᠢᠶ᠎ᠠ ᠶᠢᠨ ᠵᠦᠪ ᠤᠨᠤᠪᠴᠢᠳᠠᠢ ᠤᠳᠤᠷᠢᠳᠤᠯᠭ᠎ᠠ | ᠶᠢᠨ ᠦᠷ᠎ᠠ ᠳ᠋ᠦᠩ ᠪᠤᠯᠬᠤ ᠶᠤᠮ᠂ ᠬᠤᠰᠢᠭᠤᠨ ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ᠂ ᠤᠯᠤᠰ ᠳᠦᠷᠦ ᠶᠢᠨ | ᠵᠦᠪᠯᠡᠯᠭᠡᠨ ᠤ ᠬᠦᠴᠤᠳᠡᠢ ᠬᠢᠨᠠᠯᠳᠠ ᠳᠡᠮᠵᠢᠯᠭᠡ ᠶᠢᠨ ᠦᠷ᠎ᠠ ᠳ᠋ᠦᠩ ᠪᠤᠯᠬᠤ ᠶᠤᠮ᠂ ᠮᠦᠨᠴᠤ ᠪᠦᠬᠦ ᠬᠤᠰᠢᠭᠤᠨ ᠤ ᠡᠯ᠎ᠠ ᠦᠨᠳᠤᠰᠤᠳᠡᠨ ᠤ ᠺᠠᠳ᠋ᠷ ᠳᠦᠮᠡᠨ ᠤ | ᠰᠡᠳᠬᠢᠯ ᠢᠶᠠᠨ ᠨᠢᠬᠳᠠᠷᠠᠭᠤᠯᠤᠨ ᠬᠦᠴᠤ ᠪᠠᠨ ᠬᠠᠮᠳᠤᠳᠬᠠᠵᠤ᠂ ᠪᠦᠯᠬᠦᠮᠳᠡᠨ ᠳᠡᠮᠡᠴᠡᠵᠤ᠂ ᠬᠠᠮᠳᠤᠪᠠᠷ ᠴᠢᠷᠮᠠᠶᠢᠬᠰᠠᠨ ᠤ ᠦᠷ᠎ᠠ ᠳ᠋ᠦᠩ ᠪᠤᠯᠬᠤ ᠶᠤᠮ᠃ ᠠᠳᠡ ᠪᠢ | ᠬᠤᠰᠢᠭᠤᠨ ᠤ ᠠᠷᠠᠳ ᠤᠨ ᠵᠠᠰᠠᠭ ᠤᠨ ᠤᠷᠳᠤᠨ ᠢ ᠳᠦᠯᠦᠭᠡᠯᠡᠨ᠂ ᠵᠡᠬᠦᠨᠭᠠᠷ ᠬᠤᠰᠢᠭᠤᠨ ᠤ ᠪᠦᠳᠤᠭᠡᠨ ᠪᠠᠶᠢᠭᠤᠯᠤᠯᠳᠠ ᠶᠢ ᠬᠠᠯᠠᠮᠵᠢᠯᠠᠵᠤ ᠳᠡᠮᠵᠢᠵᠤ | ᠤᠷᠤᠯᠴᠠᠬᠰᠠᠨ ᠡᠯ᠎ᠡ ᠡᠳᠡᠭᠡᠳ ᠤᠨ ᠬᠦᠮᠤᠰ ᠲᠤ ᠡᠷᠬᠢᠮ ᠳᠡᠭᠡᠳᠤ ᠬᠦᠨᠳᠤᠳᠭᠡᠯ ᠪᠠ ᠴᠢᠩ ᠰᠡᠳᠬᠢᠯ ᠤᠨ ᠳᠠᠯᠠᠷᠬᠠᠯ ᠢᠶᠠᠨ ᠳᠡᠪᠰᠢᠬᠦᠯᠵᠤ ᠪᠠᠶᠢᠨ᠎ᠠ︕ | ᠡᠬᠦᠨ ᠤ ᠬᠠᠮᠳᠤ᠂ ᠪᠢᠳᠠ ᠪᠠᠰᠠ ᠠᠵᠤ ᠠᠬᠤᠢ ᠨᠡᠶᠢᠭᠡᠮ ᠤᠨ ᠬᠦᠭᠵᠢᠯᠳᠡ ᠳᠤ ᠪᠠᠰᠠ ᠨᠢᠭᠡ ᠪᠦᠯᠦᠭ ᠠᠰᠠᠭᠤᠳᠠᠯ ᠪᠠ ᠦᠷᠢᠰᠦᠯᠳᠦᠭᠡᠨ ᠤᠷᠤᠰᠢᠵᠤ ᠪᠠᠶᠢᠭ᠎ᠠ ᠶᠢ | ᠰᠡᠷᠭᠡᠭ ᠢᠶᠠᠷ ᠤᠯᠵᠤ ᠬᠠᠷᠠᠪᠠ᠃ ᠨᠢᠭᠡ ᠳᠤ ᠪᠦᠬᠦ ᠳᠠᠯ᠎ᠠ ᠳᠤ ᠰᠠᠭᠤᠷᠢᠯᠠᠨ ᠨᠢᠭᠡ ᠤᠷᠤᠨ ᠪᠦᠰᠡ ᠶᠢ ᠤᠬᠠᠭᠠᠯᠠᠬᠤ ᠵᠤᠬᠰᠤᠴᠠ ᠨᠢ ᠬᠠᠷᠠᠬᠠᠨ ᠦᠨᠳᠤᠷ ᠪᠤᠰᠤ | ᠪᠠᠶᠢᠨ᠎ᠠ᠃ ᠰᠢᠨ᠎ᠠ ᠪᠠᠶᠢᠳᠠᠯ᠂ ᠰᠢᠨ᠎ᠠ ᠡᠬᠦᠷᠭᠡ ᠳᠤ ᠴᠢᠭᠯᠡᠬᠦᠯᠤᠨ᠂ ᠳᠤᠬᠠᠶᠢᠯᠠᠬᠰᠠᠨ ᠠᠵᠢᠯ ᠠᠴᠠ ᠪᠠᠨ ᠡᠬᠦᠰᠴᠤ᠂ ᠪᠦᠬᠦ ᠳᠠᠯ᠎ᠠ ᠶᠢ ᠪᠤᠳᠤᠯᠬᠢᠯᠠᠨ᠂ ᠴᠢᠨᠠᠷ | ᠰᠠᠶᠢᠳᠠᠢ ᠬᠦᠭᠵᠢᠯᠳᠡ ᠶᠢ ᠠᠬᠢᠭᠤᠯᠬᠤ ᠦᠵᠡᠯ ᠰᠠᠨᠠᠭᠠᠨ ᠤ ᠳᠠᠨᠢᠯᠳᠠ᠂ ᠴᠢᠳᠠᠪᠤᠷᠢ ᠶᠢᠨ ᠬᠢᠷᠢ ᠳᠦᠪᠰᠢᠨ ᠢ ᠬᠠᠷᠠᠬᠠᠨ ᠴᠢᠨᠠᠬᠰᠢᠳᠠ ᠳᠡᠭᠡᠭᠰᠢᠯᠡᠬᠦᠯᠬᠦ ᠴᠢᠬᠤᠯᠠ | ᠲᠠᠢ ᠪᠠᠶᠢᠨ᠎ᠠ᠃ ᠬᠤᠶᠠᠷ ᠲᠤ ᠦᠵᠡᠯ ᠰᠠᠨᠠᠭ᠎ᠠ ᠪᠠᠨ ᠴᠢᠯᠦᠭᠡᠯᠡᠬᠦ ᠪᠠ ᠠᠵᠢᠯ ᠤᠨ ᠰᠢᠨ᠎ᠠ ᠶᠢ ᠡᠬᠦᠳᠬᠦ ᠶᠢ ᠬᠠᠷᠠᠬᠠᠨ ᠴᠢᠩᠭᠠᠳᠬᠠᠬᠤ ᠴᠢᠬᠤᠯᠠ ᠲᠠᠢ ᠪᠠᠶᠢᠨ᠎ᠠ᠃ | ᠪᠢᠳᠠᠨ ᠤ ᠪᠠᠶᠢᠯᠳᠤᠬᠤ ᠪᠤᠳᠤᠯᠭ᠎ᠠ ᠶᠢᠨ ᠬᠠᠷᠠᠴᠠ ᠪᠠ ᠨᠡᠭᠡᠭᠡᠯᠳᠡ ᠬᠢᠬᠦ ᠬᠠᠷᠠᠴᠠ ᠨᠢ ᠰᠢᠨ᠎ᠠ ᠬᠠᠭᠤᠴᠢᠨ ᠬᠦᠳᠡᠯᠭᠡᠭᠴᠢ ᠡᠨᠧᠷᠬᠢ ᠶᠢᠨ ᠰᠤᠯᠢᠬᠳᠠᠯ᠂ ᠤᠳᠤ ᠦᠶ᠎ᠠ | ᠶᠢᠨ ᠠᠵᠤ ᠤᠶᠢᠯᠡᠰ ᠤᠨ ᠳᠤᠬᠳᠠᠯᠴᠠᠭ᠎ᠠ ᠶᠢ ᠪᠠᠶᠢᠭᠤᠯᠬᠤ ᠱᠠᠭᠠᠷᠳᠠᠯᠭ᠎ᠠ ᠲᠠᠢ ᠬᠠᠷᠠᠬᠠᠨ ᠪᠦᠷᠢᠮᠤᠰᠤᠨ ᠨᠡᠶᠢᠴᠡᠵᠤ ᠳᠡᠶᠢᠯᠬᠦ ᠦᠭᠡᠢ ᠪᠠᠶᠢᠵᠤ᠂ ᠪᠦᠳᠤᠭᠡᠯᠴᠢ | ᠴᠢᠨᠠᠷᠳᠠᠢ ᠪᠠᠷ ᠦᠷᠨᠢᠬᠦᠯᠬᠦ ᠠᠵᠢᠯ ᠤᠨ ᠬᠢᠯᠠᠰ ᠴᠡᠭ ᠴᠦᠭᠡᠨ᠂ ᠬᠦᠴᠤᠯᠡᠴᠡ ᠰᠤᠯᠠ ᠪᠠᠶᠢᠵᠤ᠂ ᠠᠵᠤ ᠤᠶᠢᠯᠡᠰ ᠤᠨ ︽ᠳᠦᠷᠪᠡᠨ ᠤᠯᠠᠨ ᠳᠦᠷᠪᠡᠨ ᠴᠦᠭᠡᠨ︾ | ᠠᠰᠠᠭᠤᠳᠠᠯ ᠮᠦᠨ ᠯᠠ ᠳᠤᠪᠤᠶᠢᠮ᠎ᠠ ᠪᠠᠶᠢᠵᠤ᠂ ᠭᠡᠯᠪᠡᠷᠢ ᠪᠠᠨ ᠬᠤᠪᠢᠷᠠᠭᠤᠯᠤᠨ ᠳᠡᠰ ᠳᠡᠪᠰᠢᠬᠦᠯᠬᠦ ᠵᠠᠷᠢᠮ ᠳᠦᠷᠤᠯ ᠵᠤᠶᠢᠯ ᠤᠨ ᠠᠬᠢᠴᠠ ᠤᠳᠠᠭᠠᠨ ᠪᠠᠶᠢᠵᠤ᠂ | ᠤᠶᠢᠯᠡᠳᠪᠤᠷᠢ ᠠᠭᠤᠷᠬᠠᠢ ᠶᠢᠨ ᠤᠷᠤᠨ ᠤ ᠤᠷᠴᠢᠨ ᠳᠤᠭᠤᠷᠢᠨ ᠤ ᠪᠤᠬᠢᠷᠳᠤᠯ ᠢ ᠰᠡᠷᠭᠡᠶᠢᠯᠡᠨ ᠵᠠᠰᠠᠬᠤ᠂ ᠬᠠᠤᠯᠢ ᠶᠢ ᠵᠦᠷᠢᠴᠡᠵᠤ ᠭᠠᠵᠠᠷ ᠰᠢᠷᠤᠢ ᠭᠡᠷᠡᠭᠯᠡᠭᠰᠡᠨ ᠢ | ᠵᠠᠰᠠᠨ ᠴᠡᠭᠴᠡᠯᠡᠬᠦ ᠵᠢᠴᠢ ᠬᠦᠭᠵᠢᠯᠳᠡ ᠶᠢᠨ ᠳᠤᠮᠳᠠᠬᠢ ᠤᠷᠳᠤ ᠬᠤᠭᠤᠴᠠᠭ᠎ᠠ ᠪᠠᠷ ᠬᠤᠷᠠᠮᠳᠤᠵᠤ ᠢᠷᠡᠭᠰᠡᠨ ᠨᠢᠭᠡ ᠪᠦᠯᠦᠭ ᠵᠦᠷᠢᠴᠡᠯ ᠵᠢᠭᠤᠷᠠᠯᠳᠤᠭᠠᠨ ᠪᠠ ᠳᠡᠤᠭᠡᠨ | ᠠᠴᠠ ᠦᠯᠡᠳᠡᠭᠳᠡᠵᠤ ᠢᠷᠡᠭᠰᠡᠨ ᠠᠰᠠᠭᠤᠳᠠᠯ ᠢ ᠬᠠᠷᠠᠬᠠᠨ ᠰᠢᠪᠳᠤᠯᠤᠨ ᠰᠢᠢᠳᠪᠤᠷᠢᠯᠡᠬᠦ ᠴᠢᠬᠤᠯᠠ ᠲᠠᠢ ᠪᠠᠶᠢᠵᠤ᠂ ᠠᠵᠤ ᠠᠬᠤᠢ ᠨᠡᠶᠢᠭᠡᠮ ᠤᠨ ᠴᠢᠨᠠᠷ ᠰᠠᠶᠢᠳᠠᠢ | ᠬᠦᠭᠵᠢᠯᠳᠡ ᠶᠢᠨ ᠠᠷᠭ᠎ᠠ ᠭᠡᠮᠵᠢᠶ᠎ᠠ ᠶᠢ ᠪᠠᠰᠠ ᠴᠢᠩᠭᠠᠳᠬᠠᠬᠤ ᠴᠢᠬᠤᠯᠠ ᠲᠠᠢ ᠪᠠᠶᠢᠨ᠎ᠠ᠃ ᠭᠤᠷᠪᠠ ᠳᠤ ᠠᠷᠠᠳ ᠤᠨ ᠠᠮᠢᠳᠤᠷᠠᠯ ᠢ ᠪᠠᠳᠤᠯᠠᠬᠤ ᠤᠶᠢᠯᠡᠴᠢᠯᠡᠭᠡᠨ ᠤ | ᠬᠢᠷᠢ ᠳᠦᠪᠰᠢᠨ ᠨᠢ ᠠᠷᠠᠳ ᠤᠯᠠᠨ ᠤ ᠰᠠᠶᠢᠨ ᠰᠠᠶᠢᠬᠠᠨ ᠠᠮᠢᠳᠤᠷᠠᠯ ᠳᠠᠬᠢ ᠰᠢᠨ᠎ᠠ ᠬᠦᠰᠡᠯ ᠡᠷᠡᠮᠡᠯᠵᠡᠯ᠂ ᠰᠢᠨ᠎ᠠ ᠱᠠᠭᠠᠷᠳᠠᠯᠭ᠎ᠠ ᠲᠠᠢ ᠪᠠᠰᠠ ᠵᠤᠬᠢᠴᠠᠬᠤ ᠦᠭᠡᠢ | ᠪᠠᠶᠢᠨ᠎ᠠ᠃ ᠤᠯᠠᠨ ᠨᠡᠶᠢᠳᠡ ᠶᠢᠨ ᠤᠶᠢᠯᠡᠴᠢᠯᠡᠭᠡᠨ ᠤ ᠴᠢᠳᠠᠪᠤᠷᠢ ᠶᠢ ᠴᠢᠨᠠᠬᠰᠢᠳᠠ ᠳᠡᠭᠡᠭᠰᠢᠯᠡᠬᠦᠯᠤᠨ᠂ ᠰᠤᠷᠭᠠᠨ ᠬᠦᠮᠤᠵᠢᠯ᠂ ᠡᠮ ᠡᠮᠨᠡᠯᠭᠡ᠂ ᠨᠠᠰᠤᠳᠠᠨ ᠤ | ᠠᠰᠠᠷᠠᠮᠵᠢ᠂ ᠰᠤᠶᠤᠯ ᠵᠡᠷᠭᠡ ᠤᠯᠠᠨ ᠨᠡᠶᠢᠳᠡ ᠶᠢᠨ ᠤᠶᠢᠯᠡᠳᠬᠦᠨ ᠤ ᠶᠠᠰᠤ ᠴᠢᠨᠠᠷ ᠨᠢ ᠤᠯᠠᠨ ᠳᠦᠮᠡᠨ ᠤ ᠬᠦᠰᠡᠯ ᠡᠷᠡᠮᠡᠯᠵᠡᠯ ᠲᠠᠢ ᠮᠦᠨ ᠯᠠ ᠵᠦᠷᠢᠶᠡᠨ ᠲᠠᠢ | ᠪᠠᠶᠢᠵᠤ᠂ ᠬᠤᠳᠠ ᠶᠢᠨ ᠴᠢᠨᠠᠷ ᠳᠡᠰ ᠢ ᠬᠠᠷᠠᠬᠠᠨ ᠳᠡᠭᠡᠭᠰᠢᠯᠡᠬᠦᠯᠵᠤ᠂ ᠵᠠᠮ ᠬᠠᠷᠢᠯᠴᠠᠭ᠎ᠠ ᠪᠦᠭᠯᠡᠷᠡᠬᠦ᠂ ︽ᠶᠡᠭᠡ ᠠᠩᠬᠢ ᠶᠢᠨ ᠰᠤᠷᠤᠬᠴᠢ ᠶᠢᠨ ᠳᠤᠭ᠎ᠠ︾᠂ ︽ | ᠰᠤᠷᠭᠠᠭᠤᠯᠢ ᠰᠤᠩᠭᠤᠬᠤ ᠬᠠᠯᠠᠮᠰᠢᠯ︾ ᠵᠡᠷᠭᠡ ᠠᠰᠠᠭᠤᠳᠠᠯ ᠤᠳ ᠲᠤ ᠪᠦᠳᠤᠮᠵᠢᠳᠡᠢ ᠠᠷᠭ᠎ᠠ ᠭᠡᠮᠵᠢᠶ᠎ᠠ ᠠᠪᠴᠤ ᠰᠢᠢᠳᠪᠤᠷᠢᠯᠡᠬᠦ ᠴᠢᠬᠤᠯᠠ ᠲᠠᠢ ᠪᠠᠶᠢᠨ᠎ᠠ᠃ | ᠳᠦᠷᠪᠡ ᠳᠤ ᠵᠠᠰᠠᠭ ᠤᠨ ᠤᠷᠳᠤᠨ ᠤ ᠳᠤᠰ ᠪᠡᠶ᠎ᠡ ᠶᠢᠨ ᠪᠦᠳᠤᠭᠡᠨ ᠪᠠᠶᠢᠭᠤᠯᠤᠯᠳᠠ ᠪᠠ ᠤᠳᠤᠬᠢᠴᠢᠯᠠᠯᠳᠠ ᠶᠢᠨ ᠵᠠᠰᠠᠯᠳᠠ ᠶᠢᠨ ᠴᠢᠳᠠᠪᠤᠷᠢ ᠶᠢ ᠬᠠᠷᠠᠬᠠᠨ | ᠳᠡᠭᠡᠭᠰᠢᠯᠡᠬᠦᠯᠬᠦ ᠴᠢᠬᠤᠯᠠ ᠲᠠᠢ ᠪᠠᠶᠢᠨ᠎ᠠ᠃ ︽ᠳᠦᠷᠪᠡᠨ ᠰᠤᠷᠳᠠᠯ︾ ᠢᠯᠠᠩᠭᠤᠶ᠎ᠠ ᠨᠤᠶᠠᠨᠴᠢ ᠦᠵᠡᠯ᠂ ᠭᠡᠯᠪᠡᠷᠢᠴᠢ ᠦᠵᠡᠯ ᠢ ᠬᠤᠷᠢᠬᠯᠠᠬᠰᠠᠨ ᠴᠦ ᠳᠠᠰᠤ | ᠴᠠᠭᠠᠵᠠᠯᠠᠵᠤ ᠴᠢᠳᠠᠬᠰᠠᠨ ᠦᠭᠡᠢ᠂ ᠵᠠᠷᠢᠮ ᠰᠠᠯᠠᠭ᠎ᠠ ᠮᠦᠴᠢᠷ ᠪᠠ ᠺᠠᠳ᠋ᠷᠴᠤᠳ ᠤᠨ ᠨᠠᠶᠢᠳᠠᠪᠤᠷᠢᠵᠢᠭᠤᠯᠤᠯᠳᠠ ᠶᠢ ᠠᠳᠬᠤᠬᠤ ᠬᠦᠴᠤᠯᠡᠴᠡ ᠬᠦᠷᠦᠯᠴᠡᠬᠦ ᠦᠭᠡᠢ | ᠪᠠᠶᠢᠵᠤ᠂ ︽ᠬᠦᠯᠢᠶᠡᠬᠦ᠂ ᠳᠦᠯᠬᠢᠬᠦ᠂ ᠬᠤᠶᠢᠰᠢᠯᠠᠭᠤᠯᠬᠤ︾ ᠦᠵᠡᠭᠳᠡᠯ ᠮᠦᠨ ᠯᠠ ᠠᠳᠠᠯᠢ ᠪᠤᠰᠤ ᠭᠡᠮᠵᠢᠶ᠎ᠠ ᠪᠠᠷ ᠤᠷᠤᠰᠢᠵᠤ ᠪᠠᠶᠢᠨ᠎ᠠ᠃ ᠡᠬᠦᠨ ᠳᠤ᠂ ᠪᠢᠳᠠ ᠨᠡᠩ | ᠰᠢᠭᠤᠷᠬᠠᠢ ᠤᠪᠤᠷ᠂ ᠨᠡᠩ ᠪᠤᠳᠠᠳᠠᠢ ᠶᠢ ᠡᠷᠬᠢᠮᠯᠡᠬᠦ ᠰᠤᠷᠳᠠᠯ ᠢᠶᠠᠷ᠂ ᠨᠢᠭᠡᠳ ᠨᠢᠭᠡ ᠪᠠᠷ ᠨᠠᠷᠢᠨ ᠬᠢᠨᠠᠮᠠᠭᠠᠢ ᠰᠢᠢᠳᠪᠤᠷᠢᠯᠡᠨ᠎ᠠ᠃ | ᠬᠤᠶᠠᠷ᠂ 2019 ᠤᠨ ᠤ ᠠᠵᠢᠯ ᠤᠨ ᠳᠤᠬᠢᠷᠠᠭᠤᠯᠤᠯᠳᠠ | 2019 ᠤᠨ ᠪᠤᠯ ᠰᠢᠨ᠎ᠠ ᠳᠤᠮᠳᠠᠳᠤ ᠤᠯᠤᠰ ᠪᠠᠶᠢᠭᠤᠯᠤᠬᠳᠠᠬᠰᠠᠨ 70 ᠵᠢᠯ ᠤᠨ ᠤᠢ ᠪᠤᠯᠤᠨ᠎ᠠ᠂ ᠴᠢᠨᠡᠭᠡᠯᠢᠭ ᠨᠡᠶᠢᠭᠡᠮ ᠢ ᠪᠦᠬᠦ ᠳᠠᠯ᠎ᠠ ᠪᠠᠷ ᠪᠡᠶᠡᠯᠡᠬᠦᠯᠬᠦ | ᠰᠢᠢᠳᠪᠤᠷᠢᠳᠤ ᠢᠯᠠᠯᠳᠠ ᠶᠢ ᠤᠯᠵᠤ᠂ ︽13·5︾ ᠵᠢᠯ ᠤᠨ ᠳᠡᠮᠡᠴᠡᠬᠦ ᠬᠠᠷᠠᠯᠳᠠ ᠶᠢ ᠪᠡᠶᠡᠯᠡᠬᠦᠯᠬᠦ ᠵᠠᠩᠬᠢᠯᠠᠭ᠎ᠠ ᠶᠢᠨ ᠵᠢᠯ ᠪᠤᠯᠤᠨ᠎ᠠ᠂ ᠪᠠᠰᠠ ᠴᠦ | ᠦᠭᠡᠷᠡᠴᠢᠯᠡᠯᠳᠡ ᠨᠡᠭᠡᠭᠡᠯᠳᠡ ᠶᠢᠨ ᠠᠶᠠᠨ ᠳᠤ ᠳᠠᠬᠢᠨ ᠮᠤᠷᠳᠠᠬᠤ ᠡᠬᠢᠨ ᠤ ᠵᠢᠯ ᠪᠤᠯᠬᠤᠷ᠂ ᠡᠨᠡ ᠵᠢᠯ ᠤᠨ ᠡᠯ᠎ᠠ ᠳᠦᠷᠤᠯ ᠤᠨ ᠠᠵᠢᠯ ᠢ ᠰᠠᠶᠢᠳᠤᠷ ᠬᠢᠬᠦ ᠨᠢ | ᠴᠢᠬᠤᠯᠠ ᠶᠡᠭᠡ ᠠᠴᠢ ᠬᠤᠯᠪᠤᠬᠳᠠᠯ ᠲᠠᠢ ᠶᠤᠮ᠃ | ᠬᠤᠰᠢᠭᠤᠨ ᠤ ᠨᠠᠮ ᠤᠨ ᠬᠤᠷᠢᠶᠠᠨ ᠤ ᠠᠷᠪᠠᠨ ᠳᠠᠪᠤᠳᠤᠭᠠᠷ ᠬᠤᠭᠤᠴᠠᠭᠠᠨ ᠤ ᠨᠠᠢᠮᠠᠳᠤᠭᠠᠷ ᠪᠦᠬᠦᠳᠡ ᠬᠤᠷᠠᠯ ᠵᠢᠴᠢ ᠠᠵᠤ ᠠᠬᠤᠢ ᠶᠢᠨ ᠠᠵᠢᠯ ᠤᠨ | ᠬᠤᠷᠠᠯ ᠤᠨ ᠵᠤᠷᠢᠭ ᠰᠠᠨᠠᠭ᠎ᠠ ᠪᠠ ᠪᠠᠶᠢᠷᠢᠯᠠᠭᠤᠯᠤᠯᠳᠠ ᠶᠢᠨ ᠱᠠᠭᠠᠷᠳᠠᠯᠭ᠎ᠠ ᠶᠢ ᠦᠨᠳᠤᠰᠤᠯᠡᠨ᠂ ᠡᠨᠡ ᠵᠢᠯ ᠤᠨ ᠵᠠᠰᠠᠭ ᠤᠨ ᠤᠷᠳᠤᠨ ᠤ ᠠᠵᠢᠯ ᠤᠨ ᠶᠡᠷᠦᠩᠭᠡᠢ | ᠰᠡᠳᠬᠢᠴᠡ ᠶᠢ ᠢᠩᠬᠢᠵᠤ ᠳᠤᠬᠳᠠᠭᠠᠪᠠ᠄ ᠰᠢ ᠶᠢᠨ ᠫᠢᠩ ᠤᠨ ᠰᠢᠨ᠎ᠠ ᠴᠠᠭ ᠦᠶ᠎ᠠ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ | ᠰᠠᠨᠠᠭ᠎ᠠ ᠪᠠᠷ ᠵᠢᠯᠤᠭᠤᠳᠤᠯᠭ᠎ᠠ ᠪᠤᠯᠭᠠᠬᠤ ᠶᠢ ᠪᠠᠷᠢᠮᠳᠠᠯᠠᠨ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠪᠠ ᠠᠷᠪᠠ ᠶᠢᠰᠦᠳᠦᠭᠡᠷ ᠬᠤᠭᠤᠴᠠᠭᠠᠨ ᠤ ᠬᠤᠶᠠᠳᠤᠭᠠᠷ᠂ | ᠭᠤᠷᠪᠠᠳᠤᠭᠠᠷ ᠪᠦᠬᠦᠳᠡ ᠬᠤᠷᠠᠯ ᠤᠨ ᠵᠤᠷᠢᠭ ᠰᠠᠨᠠᠭ᠎ᠠ ᠶᠢ ᠬᠦᠨᠵᠡᠭᠡᠢ ᠳᠤᠭᠤᠰᠢᠯᠠᠭᠤᠯᠤᠨ ᠭᠡᠷᠡᠭᠵᠢᠬᠦᠯᠵᠤ᠂ ᠰᠢ ᠶᠢᠨ ᠫᠢᠩ ᠶᠡᠷᠦᠩᠭᠡᠢ ᠱᠦᠵᠢ ᠶᠢᠨ ᠠᠷᠪᠠᠨ | ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠠᠩᠬᠠᠳᠤᠭᠠᠷ᠂ ᠬᠤᠶᠠᠳᠤᠭᠠᠷ ᠤᠳᠠᠭ᠎ᠠ ᠶᠢᠨ ᠬᠤᠷᠠᠯ | ᠤᠨ ᠦᠪᠤᠷ ᠮᠤᠩᠭᠤᠯ ᠤᠨ ᠳᠦᠯᠦᠭᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠬᠤ ᠦᠶᠡᠰ ᠤᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠶᠢ ᠨᠠᠷᠢᠨ | ᠬᠢᠨᠠᠮᠠᠭᠠᠢ ᠳᠤᠭᠤᠰᠢᠯᠠᠭᠤᠯᠤᠨ᠂ ᠳᠦᠪ᠂ ᠦᠪᠡᠷᠳᠡᠭᠡᠨ ᠵᠠᠰᠠᠬᠤ ᠤᠷᠤᠨ᠂ ᠬᠤᠳᠠ᠂ ᠬᠤᠰᠢᠭᠤᠨ ᠤ ᠠᠵᠤ ᠠᠬᠤᠢ ᠶᠢᠨ ᠠᠵᠢᠯ ᠤᠨ ᠬᠤᠷᠠᠯ ᠵᠢᠴᠢ ᠦᠪᠡᠷᠳᠡᠭᠡᠨ | ᠵᠠᠰᠠᠬᠤ ᠤᠷᠤᠨ᠂ ᠬᠤᠳᠠ ᠶᠢᠨ ︽ᠬᠤᠶᠠᠷ ᠬᠤᠷᠠᠯ︾ ᠤᠨ ᠵᠤᠷᠢᠭ ᠰᠠᠨᠠᠭ᠎ᠠ ᠶᠢ ᠪᠦᠬᠦ ᠳᠠᠯ᠎ᠠ ᠪᠠᠷ ᠨᠠᠶᠢᠳᠠᠪᠤᠷᠢᠵᠢᠭᠤᠯᠤᠨ᠂ ︽ᠳᠠᠪᠤ ᠶᠢ ᠨᠢᠭᠡ ᠴᠤᠬᠴᠠᠵᠢᠭᠤᠯᠬᠤ︾ | ᠶᠡᠷᠦᠩᠭᠡᠢ ᠪᠠᠶᠢᠷᠢᠯᠠᠭᠤᠯᠤᠯᠳᠠ ᠶᠢ ᠨᠢᠭᠡᠳᠤᠯᠳᠡᠢ ᠳᠦᠯᠦᠪᠵᠢᠬᠦᠯᠤᠨ ᠠᠬᠢᠭᠤᠯᠵᠤ᠂ ︽ᠳᠦᠷᠪᠡᠨ ᠪᠦᠬᠦ ᠳᠠᠯ᠎ᠠ︾ ᠶᠢᠨ ᠪᠠᠶᠢᠯᠳᠤᠬᠤ ᠪᠤᠳᠤᠯᠭ᠎ᠠ ᠶᠢᠨ | ᠪᠠᠶᠢᠷᠢᠯᠠᠭᠤᠯᠤᠯᠳᠠ ᠶᠢ ᠵᠤᠬᠢᠴᠠᠭᠤᠯᠤᠨ ᠠᠬᠢᠭᠤᠯᠵᠤ᠂ ᠳᠤᠬᠳᠠᠭᠤᠨ ᠤ ᠳᠤᠮᠳᠠ ᠤᠷᠤᠬᠰᠢᠯᠠᠬᠤ ᠠᠵᠢᠯ ᠤᠨ ᠶᠡᠷᠦᠩᠭᠡᠢ ᠬᠦᠭ ᠠᠶᠠᠰ ᠢ ᠪᠠᠷᠢᠮᠳᠠᠯᠠᠨ᠂ ᠰᠢᠨ᠎ᠠ | ᠬᠦᠭᠵᠢᠯᠳᠡ ᠶᠢᠨ ᠤᠶᠢᠯᠠᠭᠠᠬᠳᠠᠬᠤᠨ ᠢ ᠪᠠᠷᠢᠮᠳᠠᠯᠠᠵᠤ᠂ ᠴᠢᠨᠠᠷ ᠰᠠᠶᠢᠳᠠᠢ ᠬᠦᠭᠵᠢᠯᠳᠡ ᠶᠢ ᠠᠬᠢᠭᠤᠯᠬᠤ ᠶᠢ ᠪᠠᠷᠢᠮᠳᠠᠯᠠᠨ᠂ ᠬᠠᠩᠭᠠᠯᠭ᠎ᠠ ᠶᠢᠨ ᠳᠠᠯ᠎ᠠ ᠶᠢᠨ ᠪᠦᠳᠤᠴᠡ | ᠶᠢᠨ ᠴᠢᠨᠠᠷᠳᠠᠢ ᠦᠭᠡᠷᠡᠴᠢᠯᠡᠯᠳᠡ ᠪᠠᠷ ᠭᠤᠤᠯ ᠰᠢᠵᠢᠮ ᠪᠤᠯᠭᠠᠬᠤ ᠶᠢ ᠪᠠᠷᠢᠮᠳᠠᠯᠠᠨ᠂ ᠦᠭᠡᠷᠡᠴᠢᠯᠡᠯᠳᠡ ᠰᠢᠨᠡᠴᠢᠯᠡᠯᠳᠡ ᠶᠢ ᠬᠦᠨᠵᠡᠭᠡᠶᠢᠷᠡᠬᠦᠯᠬᠦ ᠪᠠ ᠦᠨᠳᠤᠷ ᠬᠢᠷᠢ | ᠳᠦᠪᠰᠢᠨ ᠢᠶᠠᠷ ᠨᠡᠭᠡᠭᠡᠯᠳᠡ ᠬᠢᠬᠦ ᠶᠢ ᠦᠷᠭᠡᠳᠭᠡᠬᠦ ᠶᠢ ᠪᠠᠷᠢᠮᠳᠠᠯᠠᠵᠤ᠂ ᠴᠢᠨᠠᠷ ᠰᠠᠶᠢᠳᠠᠢ ᠬᠦᠭᠵᠢᠯᠳᠡ᠂ ᠰᠢᠨ᠎ᠠ ᠶᠢ ᠡᠬᠦᠳᠬᠦ ᠬᠦᠭᠵᠢᠯᠳᠡ ᠶᠢᠨ ᠳᠤᠭᠤᠷᠢᠨ ᠳᠤ ᠠᠮᠢ | ᠠᠬᠤᠢ ᠶᠢᠨ ᠤᠷᠤᠰᠢᠨᠰᠠᠭᠤᠷᠢᠰᠢᠬᠤ ᠳᠤ ᠳᠠᠭᠠᠯᠠᠮᠵᠢᠳᠠᠢ ᠬᠤᠳᠠ ᠬᠦᠳᠡᠭᠡ ᠶᠢᠨ ᠪᠦᠳᠤᠭᠡᠨ ᠪᠠᠶᠢᠭᠤᠯᠤᠯᠳᠠ ᠶᠢ ᠳᠤᠪᠤᠶᠢᠯᠭᠠᠨ᠂ ︽ᠭᠤᠷᠪᠠᠨ ᠶᠡᠭᠡ ᠪᠤᠭᠤᠮᠳᠠ | ᠰᠢᠪᠳᠤᠯᠬᠤ ᠳᠠᠶᠢᠯᠠᠯᠳᠤᠭᠠᠨ︾ ᠢ ᠦᠷᠬᠦᠯᠵᠢᠯᠡᠨ ᠰᠠᠶᠢᠳᠤᠷ ᠬᠢᠵᠤ᠂ ᠨᠡᠮᠡᠭᠳᠡᠯ ᠢ ᠳᠤᠬᠳᠠᠪᠤᠷᠢᠵᠢᠭᠤᠯᠬᠤ᠂ ᠦᠭᠡᠷᠡᠴᠢᠯᠡᠯᠳᠡ ᠶᠢ ᠠᠬᠢᠭᠤᠯᠬᠤ᠂ ᠪᠦᠳᠤᠴᠡ ᠶᠢ | ᠳᠤᠬᠢᠷᠠᠭᠤᠯᠬᠤ᠂ ᠠᠷᠠᠳ ᠤᠨ ᠠᠮᠢᠳᠤᠷᠠᠯ ᠢ ᠬᠠᠷᠠᠭᠠᠯᠵᠠᠬᠤ᠂ ᠠᠶᠤᠯ ᠳᠦᠭᠰᠢᠬᠦᠷᠢ ᠶᠢ ᠰᠡᠷᠭᠡᠶᠢᠯᠡᠬᠦ ᠡᠯ᠎ᠠ ᠳᠦᠷᠤᠯ ᠤᠨ ᠠᠵᠢᠯ ᠢ ᠨᠢᠭᠡᠳᠤᠯᠳᠡᠢ ᠳᠦᠯᠦᠪᠵᠢᠬᠦᠯᠤᠨ | ᠠᠬᠢᠭᠤᠯᠵᠤ᠂ ᠠᠷᠠᠳ ᠤᠯᠠᠨ ᠤ ᠬᠦᠷᠳᠡᠮᠵᠢ ᠶᠢᠨ ᠳᠦᠷᠦᠭᠳᠡᠯ᠂ ᠵᠤᠯ ᠵᠢᠷᠭᠠᠯᠳᠤ ᠳᠦᠷᠦᠭᠳᠡᠯ᠂ ᠠᠮᠤᠷ ᠳᠦᠪᠰᠢᠨ ᠤ ᠳᠦᠷᠦᠭᠳᠡᠯ ᠢ ᠨᠡᠮᠡᠭᠳᠡᠬᠦᠯᠤᠨ᠂ ᠪᠦᠬᠦ | ᠬᠤᠰᠢᠭᠤᠨ ᠤ ᠠᠵᠤ ᠠᠬᠤᠢ ᠳᠤᠬᠳᠠᠭᠤᠨ ᠡᠷᠡᠬᠦᠯ ᠢᠶᠠᠷ ᠬᠦᠭᠵᠢᠬᠦ ᠪᠠ ᠨᠡᠶᠢᠭᠡᠮ ᠤᠨ ᠡᠶ᠎ᠡ ᠵᠤᠬᠢᠴᠠᠯ ᠳᠤᠬᠳᠠᠭᠤᠨ ᠢ ᠪᠠᠳᠤᠯᠠᠬᠤ ᠶᠢ ᠠᠬᠢᠭᠤᠯᠵᠤ᠂ ᠴᠢᠨᠡᠭᠡᠯᠢᠭ | ᠨᠡᠶᠢᠭᠡᠮ ᠢ ᠪᠦᠬᠦ ᠳᠠᠯ᠎ᠠ ᠪᠠᠷ ᠪᠡᠶᠡᠯᠡᠬᠦᠯᠬᠦ ᠰᠢᠪᠳᠤᠷᠭᠠᠨ ᠤ ᠠᠵᠢᠯ ᠳᠤ ᠰᠢᠢᠳᠪᠤᠷᠢᠳᠤ ᠴᠢᠨᠠᠷᠳᠠᠢ ᠰᠠᠭᠤᠷᠢ ᠶᠢ ᠳᠠᠯᠪᠢᠵᠤ᠂ ᠰᠢᠯᠢᠳᠡᠭ ᠠᠮᠵᠢᠯᠳᠠ ᠪᠠᠷ ᠢᠶᠠᠨ ᠰᠢᠨ᠎ᠠ | ᠳᠤᠮᠳᠠᠳᠤ ᠤᠯᠤᠰ ᠪᠠᠶᠢᠭᠤᠯᠤᠬᠳᠠᠬᠰᠠᠨ 70 ᠵᠢᠯ ᠤᠨ ᠤᠢ ᠶᠢ ᠪᠡᠯᠭᠡᠯᠡᠨ᠎ᠡ᠃ | ᠭᠤᠤᠯ ᠵᠢᠱᠢᠭᠰᠡᠨ ᠬᠠᠷᠠᠯᠳᠠ ᠨᠢ ᠪᠤᠯ᠄ ᠤᠷᠤᠨ ᠨᠤᠳᠤᠭ ᠤᠨ ᠤᠶᠢᠯᠡᠳᠪᠤᠷᠢᠯᠡᠯ ᠤᠨ ᠶᠡᠷᠦᠩᠭᠡᠢ ᠦᠷᠳᠡᠭ ᠢ 970 ᠳ᠋ᠦᠩᠰᠢᠭᠤᠷ ᠳᠦᠬᠦᠷᠢᠭ ᠪᠡᠶᠡᠯᠡᠬᠦᠯᠵᠤ᠂ | 5% ᠤᠷᠴᠢᠮ ᠢᠶᠠᠷ ᠨᠡᠮᠡᠭᠳᠡᠬᠦᠯᠤᠨ᠂ ᠳᠤᠬᠳᠠᠮᠠᠯ ᠬᠦᠷᠦᠩᠭᠡ ᠶᠢᠨ ᠪᠡᠯᠡ ᠤᠷᠤᠭᠤᠯᠤᠯᠳᠠ ᠶᠢ 90 ᠳ᠋ᠦᠩᠰᠢᠭᠤᠷ ᠳᠦᠬᠦᠷᠢᠭ ᠪᠡᠶᠡᠯᠡᠬᠦᠯᠵᠤ᠂ 14% ᠤᠷᠴᠢᠮ | ᠢᠶᠠᠷ ᠨᠡᠮᠡᠭᠳᠡᠬᠦᠯᠤᠨ᠂ ᠤᠯᠠᠨ ᠨᠡᠶᠢᠳᠡ ᠶᠢᠨ ᠡᠳ᠋ ᠤᠨ ᠵᠠᠰᠠᠭ ᠤᠨ ᠳᠦᠰᠤᠪ ᠤᠨ ᠤᠷᠤᠯᠭ᠎ᠠ ᠶᠢ 80 ᠳ᠋ᠦᠩᠰᠢᠭᠤᠷ ᠳᠦᠬᠦᠷᠢᠭ ᠪᠡᠶᠡᠯᠡᠬᠦᠯᠵᠤ᠂ 3% ᠤᠷᠴᠢᠮ | ᠢᠶᠠᠷ ᠨᠡᠮᠡᠭᠳᠡᠬᠦᠯᠤᠨ᠂ ᠨᠡᠶᠢᠭᠡᠮ ᠤᠨ ᠭᠡᠷᠡᠭᠯᠡᠭᠡᠨ ᠤ ᠵᠤᠶᠢᠯ ᠢ ᠵᠢᠵᠢᠭᠯᠡᠨ ᠪᠤᠷᠤᠯᠠᠭᠤᠯᠤᠬᠰᠠᠨ ᠶᠡᠷᠦᠩᠭᠡᠢ ᠳᠤᠭ᠎ᠠ ᠶᠢ133 ᠳ᠋ᠦᠩᠰᠢᠭᠤᠷ ᠳᠦᠬᠦᠷᠢᠭ ᠪᠡᠶᠡᠯᠡᠬᠦᠯᠵᠤ᠂ | 7% ᠤᠷᠴᠢᠮ ᠢᠶᠠᠷ ᠨᠡᠮᠡᠭᠳᠡᠬᠦᠯᠤᠨ᠂ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠬᠦᠮᠤᠨ ᠳᠤᠮᠳᠠᠴᠢ ᠳᠤᠬᠢᠷᠠᠭᠤᠯᠵᠤ ᠪᠤᠯᠬᠤ ᠤᠷᠤᠯᠭ᠎ᠠ ᠶᠢ 51580 | ᠳᠦᠬᠦᠷᠢᠭ ᠪᠠ 19700 ᠳᠦᠬᠦᠷᠢᠭ ᠪᠡᠶᠡᠯᠡᠬᠦᠯᠵᠤ᠂ ᠳᠤᠰᠪᠤᠷᠢ 7% ᠪᠠ 8% ᠤᠷᠴᠢᠮ ᠢᠶᠠᠷ ᠨᠡᠮᠡᠭᠳᠡᠬᠦᠯᠤᠨ᠎ᠠ᠃ | ᠳᠡᠭᠡᠷᠡᠬᠢ ᠬᠠᠷᠠᠯᠳᠠ ᠶᠢᠨ ᠳᠤᠭᠤᠷᠢᠨ ᠳᠤ᠂ ᠳᠤᠤᠷᠠᠬᠢ ᠮᠡᠳᠤ ᠳᠤᠯᠤᠭᠠᠨ ᠳᠠᠯ᠎ᠠ ᠶᠢᠨ ᠠᠵᠢᠯ ᠢ ᠭᠤᠤᠯᠳᠠᠯᠭ᠎ᠠ ᠲᠠᠢ ᠰᠠᠶᠢᠳᠤᠷ ᠬᠢᠨ᠎ᠠ᠃ | ︵ᠨᠢᠭᠡ︶ ︽ᠭᠤᠷᠪᠠᠨ ᠶᠡᠭᠡ ᠪᠤᠭᠤᠮᠳᠠ ᠰᠢᠪᠳᠤᠯᠬᠤ ᠳᠠᠶᠢᠯᠠᠯᠳᠤᠭᠠᠨ︾ ᠢ ᠰᠠᠶᠢᠳᠤᠷ ᠬᠢᠵᠤ᠂ ᠴᠢᠨᠡᠭᠡᠯᠢᠭ ᠨᠡᠶᠢᠭᠡᠮ ᠤᠨ ᠳᠤᠪᠤᠶᠢᠮ᠎ᠠ ᠳᠤᠳᠠᠭᠤᠳᠠᠯ ᠢ | ᠨᠦᠬᠦᠪᠤᠷᠢᠯᠡᠨ᠂ ᠠᠵᠤ ᠠᠬᠤᠢ ᠨᠡᠶᠢᠭᠡᠮ ᠤᠨ ᠬᠦᠭᠵᠢᠯᠳᠡ ᠶᠢᠨ ᠬᠤᠷᠢᠭ᠎ᠠ ᠱᠤᠭᠤᠮ ᠢ ᠪᠠᠳᠤᠳᠬᠠᠨ᠎ᠠ᠃ | ᠬᠦᠨᠳᠤ ᠶᠡᠭᠡ ᠠᠶᠤᠯ ᠳᠦᠭᠰᠢᠬᠦᠷᠢ ᠶᠢ ᠰᠡᠷᠭᠡᠶᠢᠯᠡᠨ ᠨᠠᠮᠳᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠢ ᠰᠠᠶᠢᠳᠤᠷ ᠬᠢᠨ᠎ᠠ᠃ ᠬᠤᠷᠢᠭ᠎ᠠ ᠱᠤᠭᠤᠮ ᠤᠨ | ᠰᠡᠳᠬᠢᠬᠦᠢ ᠶᠢ ᠪᠤᠢ ᠪᠤᠯᠭᠠᠵᠤ᠂ ᠦᠷᠢ ᠰᠢᠷᠢ ᠶᠢ ᠢᠳᠡᠪᠬᠢᠳᠡᠢ ᠯᠠᠪᠳᠠᠭᠤᠨ ᠢᠶᠠᠷ ᠨᠠᠮᠳᠠᠭᠤᠯᠤᠨ᠂ ᠠᠶᠤᠯ ᠳᠦᠭᠰᠢᠬᠦᠷᠢ ᠶᠢ ᠰᠡᠷᠭᠡᠶᠢᠯᠡᠵᠤ᠂ ᠵᠠᠰᠠᠭ ᠤᠨ ᠤᠷᠳᠤᠨ ᠤ | ᠴᠢᠨᠠᠷᠳᠠᠢ ᠦᠷᠢ ᠰᠢᠷᠢ ᠶᠢ 10 ᠳ᠋ᠦᠩᠰᠢᠭᠤᠷ ᠳᠦᠬᠦᠷᠢᠭ ᠴᠢᠷᠮᠠᠶᠢᠨ ᠨᠠᠮᠳᠠᠭᠤᠯᠤᠨ ᠰᠢᠢᠳᠪᠤᠷᠢᠯᠡᠨ᠎ᠠ᠃ ᠬᠦᠳᠤᠯᠤᠨ ᠳᠠᠭᠠᠭᠤᠯᠬᠤ ᠪᠠ ᠬᠤᠷᠢᠬᠯᠠᠨ ᠬᠠᠰᠢᠬᠤ ᠶᠢ | ᠤᠶᠠᠯᠳᠤᠭᠤᠯᠬᠤ ᠶᠢ ᠪᠠᠷᠢᠮᠳᠠᠯᠠᠨ᠂ ᠡᠮᠤᠨ᠎ᠡ ᠡᠬᠦᠳᠡ ᠶᠢ ᠨᠡᠭᠡᠭᠡᠬᠦ ᠶᠢ ᠤᠯᠠᠮ ᠶᠡᠭᠡ ᠪᠤᠯᠭᠠᠨ᠂ ᠭᠠᠶᠢᠯᠢ ᠶᠢᠨ ᠢᠷᠡᠯᠳᠡ ᠶᠢ ᠪᠤᠶᠢᠵᠢᠭᠤᠯᠬᠤ᠂ ᠵᠠᠬ᠎ᠠ ᠰᠡᠵᠢᠬᠦᠷ ᠤᠨ | ᠨᠡᠬᠦᠷᠡᠰᠤᠨ ᠤ ᠡᠬᠢ ᠪᠠᠶᠠᠯᠢᠭ ᠢ ᠰᠢᠢᠳᠪᠤᠷᠢᠯᠡᠬᠦ ᠵᠡᠷᠭᠡ ᠠᠵᠢᠯ ᠤᠳ ᠢ ᠪᠦᠬᠦ ᠬᠦᠴᠤᠨ ᠢᠶᠠᠷ ᠢᠶᠠᠨ ᠰᠠᠶᠢᠳᠤᠷ ᠬᠢᠵᠤ᠂ ᠳᠡᠭᠡᠳᠤ ᠱᠠᠳᠤᠨ ᠤ ᠳᠦᠷᠤᠯ ᠵᠤᠶᠢᠯ ᠤᠨ | ᠪᠡᠯᠡ ᠮᠦᠩᠬᠦ ᠪᠠ ᠳᠤᠰᠬᠠᠢ ᠵᠢᠭᠡᠯᠡᠯᠭᠡ ᠶᠢᠨ ᠳᠡᠮᠳᠡᠭᠳᠤ ᠶᠢ ᠢᠳᠡᠪᠬᠢᠳᠡᠢ ᠪᠠᠷ ᠬᠤᠪᠢᠳᠠᠨ ᠤᠯᠵᠤ᠂ ᠭᠤᠤᠯᠳᠠᠯᠭ᠎ᠠ ᠲᠠᠢ ᠠᠷᠠᠳ ᠤᠨ ᠠᠮᠢᠳᠤᠷᠠᠯ ᠨᠡᠶᠢᠭᠡᠮ ᠤᠨ | ᠤᠶᠢᠯᠡᠰ ᠤᠨ ᠳᠦᠷᠤᠯ ᠵᠤᠶᠢᠯ ᠯᠠᠪᠳᠠᠭᠤᠨ ᠪᠠᠳᠤᠳᠠᠢ ᠭᠡᠷᠡᠭᠵᠢᠬᠦᠯᠦᠭᠳᠡᠬᠦ ᠶᠢ ᠠᠬᠢᠭᠤᠯᠤᠨ᠎ᠠ︔ ᠠᠷᠤ ᠡᠬᠦᠳᠡ ᠶᠢ ᠪᠦᠭᠯᠡᠬᠦ ᠶᠢ ᠤᠯᠠᠮ ᠴᠢᠩᠭᠠᠳᠬᠠᠨ᠂ ᠤᠷᠤᠨ | ᠨᠤᠳᠤᠭ ᠤᠨ ᠵᠠᠰᠠᠭ ᠤᠨ ᠤᠷᠳᠤᠨ ᠤ ᠦᠷᠢ ᠰᠢᠷᠢ ᠶᠢ ᠬᠢᠵᠠᠭᠠᠷᠯᠠᠬᠤ ᠬᠠᠮᠢᠶᠠᠷᠤᠯᠳᠠ ᠪᠠ ᠳᠦᠰᠤᠪ ᠤᠨ ᠬᠠᠮᠢᠶᠠᠷᠤᠯᠳᠠ ᠶᠢᠨ ᠳᠦᠷᠢᠮ ᠢ ᠴᠢᠩᠭ᠎ᠠ | ᠨᠠᠶᠢᠳᠠᠪᠤᠷᠢᠵᠢᠭᠤᠯᠤᠨ᠂ ppp ᠳᠦᠷᠤᠯ ᠵᠤᠶᠢᠯ ᠤᠨ ᠪᠦᠳᠤᠭᠡᠨ ᠪᠠᠶᠢᠭᠤᠯᠤᠯᠳᠠ᠂ ᠵᠠᠰᠠᠭ ᠤᠨ ᠤᠷᠳᠤᠨ ᠤ ᠬᠤᠳᠠᠯᠳᠤᠨ ᠠᠪᠤᠬᠰᠠᠨ ᠤᠶᠢᠯᠡᠴᠢᠯᠡᠭᠡ ᠵᠡᠷᠭᠡ ᠠᠵᠢᠯ | ᠤᠳ ᠢ ᠳᠦᠷᠢᠮᠵᠢᠬᠦᠯᠤᠨ᠂ ᠭᠤᠤᠯᠳᠠᠯᠭ᠎ᠠ ᠲᠠᠢ ᠪᠠ ᠳᠤᠬᠳᠠᠮᠠᠯ ᠵᠠᠷᠤᠯᠭ᠎ᠠ ᠠᠴᠠ ᠭᠠᠳᠠᠨᠠᠬᠢ ᠡᠩ ᠤᠨ ᠵᠠᠷᠤᠯᠭ᠎ᠠ ᠶᠢ 5% ᠠᠴᠠ ᠳᠡᠭᠡᠭᠰᠢ ᠪᠠᠷ ᠪᠠᠭᠠᠰᠬᠠᠨ᠎ᠠ᠃ | ᠦᠷᠢ ᠰᠢᠷᠢ ᠶᠢ ᠴᠡᠪᠡᠷᠯᠡᠨ ᠪᠠᠶᠢᠴᠠᠭᠠᠬᠤ ᠶᠢ ᠰᠠᠶᠢᠳᠤᠷ ᠠᠳᠬᠤᠨ᠂ ᠦᠷᠢ ᠰᠢᠷᠢ ᠶᠢᠨ ᠰᠠᠭᠤᠷᠢ ᠳᠤᠭ᠎ᠠ ᠶᠢ ᠴᠠᠭ ᠳᠤᠬᠠᠢ ᠳᠤᠨᠢ ᠡᠵᠡᠮᠳᠡᠵᠤ᠂ ᠳᠠᠯᠳᠠ ᠴᠢᠨᠠᠷᠳᠠᠢ | ᠦᠷᠢ ᠰᠢᠷᠢ ᠪᠦᠷᠢᠯᠳᠦᠬᠦ ᠶᠢ ᠴᠢᠩᠭ᠎ᠠ ᠰᠡᠷᠭᠡᠶᠢᠯᠡᠨ᠎ᠠ᠃ ᠤᠷᠤᠨ ᠨᠤᠳᠤᠭ ᠤᠨ ᠮᠦᠩᠬᠦᠨ ᠬᠦᠢᠯᠭᠡᠭᠡᠨ ᠤ ᠬᠢᠨᠠᠨ ᠬᠠᠮᠢᠶᠠᠷᠤᠯᠳᠠ ᠶᠢ ᠴᠢᠩᠭᠠᠳᠬᠠᠨ᠂ ᠬᠤᠰᠢᠭᠤᠨ ᠤ | ᠢᠳᠡᠭᠡᠮᠵᠢᠳᠤ ᠵᠢᠭᠡᠯᠡᠯᠭᠡ ᠶᠢᠨ ᠬᠤᠯᠪᠤᠭᠠᠳᠤ ᠬᠤᠷᠰᠢᠶ᠎ᠠ ᠶᠢᠨ ᠰᠢᠰᠲ᠋ᠧᠮ ᠤᠨ ᠦᠭᠡᠷᠡᠴᠢᠯᠡᠯᠳᠡ ᠶᠢᠨ ᠠᠬᠢᠴᠠ ᠶᠢ ᠠᠬᠢᠭᠤᠯᠤᠨ᠂ ᠵᠡᠬᠦᠨᠭᠠᠷ ᠤᠨ ᠨᠡᠬᠦᠷᠡᠰᠤᠨ | ᠠᠭᠤᠷᠬᠠᠢ ᠶᠢᠨ ᠬᠦᠳᠡᠭᠡ ᠳᠤᠰᠬᠤᠨ ᠤ ᠢᠳᠡᠭᠡᠮᠵᠢᠳᠤ ᠵᠢᠭᠡᠯᠡᠯᠭᠡ ᠶᠢᠨ ᠬᠤᠯᠪᠤᠭᠠᠳᠤ ᠬᠤᠷᠰᠢᠶ᠎ᠠ ᠶᠢᠨ ᠰᠢᠰᠲ᠋ᠧᠮ ᠤᠨ ᠦᠭᠡᠷᠡᠴᠢᠯᠡᠯᠳᠡ ᠶᠢᠨ ᠡᠬᠦᠷᠭᠡ ᠶᠢ | ᠪᠡᠶᠡᠯᠡᠬᠦᠯᠤᠨ᠎ᠠ᠃ ᠠᠷᠠᠳ ᠤᠨ ᠬᠤᠭᠤᠷᠤᠨᠳᠤᠬᠢ ᠵᠢᠭᠡᠯᠡᠯᠭᠡ ᠶᠢᠨ ᠵᠢᠭᠤᠷᠠᠯᠳᠤᠭᠠᠨ ᠢ ᠰᠢᠢᠳᠪᠤᠷᠢᠯᠡᠬᠦ ᠠᠵᠢᠯ ᠢ ᠴᠢᠩᠭᠠᠳᠬᠠᠨ᠂ ᠬᠠᠤᠯᠢ ᠪᠤᠰᠤ ᠪᠠᠷ ᠵᠤᠭᠤᠰ | ᠴᠤᠬᠯᠠᠭᠤᠯᠬᠤ ᠭᠡᠷᠡᠭ ᠲᠠᠢ ᠬᠤᠯᠪᠤᠬᠳᠠᠨ ᠡᠳ᠋ ᠬᠦᠷᠦᠩᠭᠡ ᠶᠢ ᠰᠢᠢᠳᠪᠤᠷᠢᠯᠡᠬᠦ ᠶᠢ ᠳᠦᠷᠭᠡᠳᠭᠡᠵᠤ᠂ ᠰᠢᠰᠲ᠋ᠧᠮᠳᠤ ᠴᠢᠨᠠᠷᠳᠠᠢ ᠮᠦᠩᠬᠦᠨ ᠬᠦᠢᠯᠭᠡᠭᠡᠨ ᠤ ᠠᠶᠤᠯ | ᠳᠦᠭᠰᠢᠬᠦᠷᠢ ᠡᠬᠦᠰᠬᠦ ᠦᠭᠡᠢ ᠪᠠᠶᠢᠬᠤ ᠬᠤᠷᠢᠭ᠎ᠠ ᠱᠤᠭᠤᠮ ᠢ ᠪᠠᠳᠤ ᠰᠠᠬᠢᠨ᠎ᠠ᠃ | ᠤᠨᠢᠨ ᠳᠡᠭᠡᠷ᠎ᠠ ᠨᠢ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠢ ᠰᠠᠶᠢᠳᠤᠷ ᠬᠢᠨ᠎ᠠ᠃ ᠳᠦᠪ ᠤᠨ ᠶᠠᠳᠠᠭᠤ ᠶᠢ ᠳᠡᠳᠬᠦᠬᠦ | ᠳᠤᠰᠬᠠᠢ ᠳᠦᠷᠤᠯ ᠤᠨ ᠳᠤᠭᠤᠷᠢᠨ ᠪᠠᠶᠢᠴᠠᠭᠠᠯᠳᠠ ᠶᠢᠨ ᠬᠠᠷᠢᠭᠤ ᠳᠤᠰᠬᠠᠬᠰᠠᠨ ᠰᠠᠨᠠᠯ ᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠤᠨ᠂ ᠶᠠᠳᠠᠭᠤ ᠠᠴᠠ | ᠠᠩᠬᠢᠵᠢᠷᠠᠭᠤᠯᠬᠤ ᠴᠢᠨᠠᠷᠵᠢᠯ ᠢ ᠴᠢᠷᠮᠠᠶᠢᠨ ᠳᠡᠭᠡᠭᠰᠢᠯᠡᠬᠦᠯᠵᠤ᠂ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠶᠢ ᠬᠦᠳᠡᠭᠡ ᠳᠤᠰᠬᠤᠨ ᠢ ᠬᠦᠭᠵᠢᠬᠦᠯᠬᠦ | ᠲᠠᠢ ᠠᠪᠴᠠᠯᠳᠤᠭᠤᠯᠬᠤ ᠶᠢ ᠨᠢᠭᠡᠳᠤᠯᠳᠡᠢ ᠳᠦᠯᠦᠪᠵᠢᠬᠦᠯᠤᠨ ᠰᠠᠶᠢᠳᠤᠷ ᠬᠢᠨ᠎ᠠ᠃ 2019 ᠤᠨ ᠤ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ | ᠠᠵᠢᠯ ᠤᠨ ᠬᠠᠷᠠᠯᠳᠠ ᠪᠤᠯ᠂ 3 ᠡᠷᠤᠭᠡ ᠶᠢᠨ 7 ᠬᠦᠮᠤᠨ ᠢ ᠶᠠᠳᠠᠭᠤ ᠠᠴᠠ ᠠᠩᠬᠢᠵᠢᠷᠠᠭᠤᠯᠵᠤ᠂ 1197 ᠡᠷᠤᠭᠡ ᠶᠢᠨ 2862 ᠬᠦᠮᠤᠨ ᠢ ᠳᠡᠮᠵᠢᠵᠤ ᠪᠠᠶᠢᠭᠠᠳ | ᠶᠠᠳᠠᠭᠤ ᠠᠴᠠ ᠠᠩᠬᠢᠵᠢᠷᠠᠬᠰᠠᠨ ᠦᠷ᠎ᠠ ᠪᠦᠳᠤᠮᠵᠢ ᠶᠢ ᠨᠢ ᠪᠠᠳᠤᠳᠬᠠᠨ᠂ ᠳᠤᠬᠳᠠᠭᠤᠨ ᠢᠶᠠᠷ ᠶᠠᠳᠠᠭᠤ ᠠᠴᠠ ᠠᠩᠬᠢᠵᠢᠷᠠᠬᠰᠠᠨ 622 ᠡᠷᠤᠭᠡ ᠶᠢᠨ1710 ᠬᠦᠮᠤᠨ | ᠳᠤ ᠬᠦᠳᠡᠯᠦᠩᠬᠦᠢ ᠬᠢᠨᠠᠨ ᠪᠠᠶᠢᠴᠠᠭᠠᠯᠳᠠ ᠬᠢᠵᠤ᠂ ᠳᠠᠩᠰᠠ ᠡᠪᠭᠡᠮᠡᠯ ᠪᠠᠶᠢᠭᠤᠯᠤᠬᠰᠠᠨ ᠦᠭᠡᠢ ᠳᠤᠤᠷ᠎ᠠ ᠤᠷᠤᠯᠭ᠎ᠠ ᠲᠠᠢ ᠵᠠᠪᠰᠠᠷ ᠤᠨ ᠡᠷᠤᠭᠡ ᠳᠤ ᠬᠦᠳᠡᠯᠦᠩᠬᠦᠢ | ᠬᠠᠮᠢᠶᠠᠷᠤᠯᠳᠠ ᠬᠢᠬᠦ ᠶᠢ ᠵᠡᠷᠭᠡᠪᠡᠷ ᠶᠠᠪᠤᠬᠳᠠᠭᠤᠯᠤᠨ᠎ᠠ᠃ ᠠᠵᠤ ᠤᠶᠢᠯᠡᠰ ᠢᠶᠠᠷ ᠶᠠᠳᠠᠭᠤ ᠶᠢ ᠳᠡᠳᠬᠦᠬᠦ ᠶᠢ ᠳᠤᠪᠤᠶᠢᠯᠭᠠᠨ᠂ ︽ᠠᠵᠤ ᠠᠬᠤᠶᠢᠯᠠᠯ + ᠨᠠᠮ ᠤᠨ ᠡᠬᠦᠷ | + ᠳᠤᠰᠬᠠᠢ ᠬᠤᠷᠰᠢᠶᠠᠵᠢᠯ ᠤᠨ ᠵᠤᠬᠢᠶᠠᠨ ᠪᠠᠶᠢᠭᠤᠯᠤᠯᠳᠠ + ᠳᠠᠷᠢᠶᠠᠴᠢᠨ ᠡᠷᠤᠭᠡ︾ ᠶᠢᠨ ᠠᠵᠤ ᠤᠶᠢᠯᠡᠰ ᠢᠶᠠᠷ ᠶᠠᠳᠠᠭᠤ ᠶᠢ ᠳᠡᠳᠬᠦᠬᠦ ᠵᠠᠬᠪᠤᠷ ᠢ ᠬᠦᠨᠵᠡᠭᠡᠢ | ᠳᠡᠯᠭᠡᠷᠡᠬᠦᠯᠵᠤ᠂ ᠠᠵᠢᠯ ᠤᠯᠤᠬᠰᠠᠨ ᠶᠠᠳᠠᠭᠤ ᠬᠦᠴᠢᠷᠳᠡᠯᠳᠡᠢ ᠬᠦᠮᠤᠨ ᠤ ᠤᠷᠤᠯᠭ᠎ᠠ ᠶᠢ ᠦᠷᠬᠦᠯᠵᠢᠯᠡᠨ ᠪᠠᠳᠤᠳᠬᠠᠵᠤ᠂ ᠬᠦᠳᠡᠯᠮᠤᠷᠢ ᠬᠦᠴᠤ ᠲᠠᠢ ᠶᠠᠳᠠᠭᠤ | ᠬᠦᠴᠢᠷᠳᠡᠯᠳᠡᠢ ᠬᠦᠮᠤᠨ ᠪᠦᠬᠦᠨ ᠳᠤᠨᠢ ᠠᠵᠢᠯ ᠤᠯᠭᠤᠵᠤ ᠤᠷᠤᠯᠭ᠎ᠠ ᠶᠢ ᠨᠢ ᠨᠡᠮᠡᠭᠳᠡᠬᠦᠯᠤᠨ᠎ᠠ᠃ ᠨᠠᠭᠠᠳᠤ ᠵᠠᠬ᠎ᠠ ᠶᠢ ᠪᠠᠳᠤᠯᠠᠬᠤ ᠪᠠᠳᠤᠯᠠᠭ᠎ᠠ᠂ ᠨᠡᠶᠢᠭᠡᠮ ᠤᠨ | ᠶᠠᠳᠠᠭᠤ ᠶᠢ ᠳᠡᠳᠬᠦᠬᠦ ᠳᠠᠭᠠᠭᠠᠮᠠᠭᠠᠢ ᠳᠤᠬᠳᠠᠴᠠ ᠶᠢ ᠪᠠᠶᠢᠭᠤᠯᠤᠨ ᠪᠦᠷᠢᠨᠰᠢᠬᠦᠯᠵᠤ᠂ ︽ᠳᠠᠬᠢᠨ ᠶᠠᠳᠠᠭᠤᠷᠠᠬᠤ ᠶᠢ ᠰᠡᠷᠭᠡᠶᠢᠯᠡᠬᠦ︾ ᠳᠠᠭᠠᠳᠬᠠᠯ ᠤᠨ ᠳᠦᠷᠢᠮ ᠢ | ᠰᠦᠪᠡᠭᠴᠢᠯᠡᠨ ᠪᠠᠶᠢᠭᠤᠯᠵᠤ᠂ ᠬᠦᠨᠳᠤ ᠡᠪᠡᠳᠴᠢᠨ ᠪᠤᠶᠤ ᠰᠠᠨᠠᠭᠠᠨ ᠠᠴᠠ ᠭᠠᠳᠠᠭᠤᠷ ᠳᠠᠬᠢᠨ ᠶᠠᠳᠠᠭᠤᠷᠠᠬᠤ᠂ ᠶᠠᠳᠠᠭᠤᠷᠠᠬᠤ ᠶᠢ ᠰᠡᠷᠭᠡᠶᠢᠯᠡᠵᠤ᠂ ᠤᠯᠠᠨ | ᠳᠠᠪᠬᠤᠷᠭᠠᠨ ᠤ ᠳᠦᠷᠢᠮ ᠤᠨ ᠪᠠᠳᠤᠯᠠᠭ᠎ᠠ ᠶᠢᠨ ᠳᠤᠬᠳᠠᠯᠴᠠᠭ᠎ᠠ ᠶᠢ ᠪᠦᠷᠢᠯᠳᠦᠬᠦᠯᠤᠨ᠎ᠠ᠃ ᠶᠠᠳᠠᠭᠤ ᠶᠢ ᠳᠡᠳᠬᠦᠬᠦ ᠬᠦᠷᠢᠶ᠎ᠠ ᠭᠡᠪᠴᠢᠶᠡᠨ ᠳᠠᠬᠢ ᠰᠤᠷᠳᠠᠯ ᠤᠨ | ᠠᠰᠠᠭᠤᠳᠠᠯ ᠢ ᠳᠤᠰᠬᠠᠢ ᠵᠠᠰᠠᠨ ᠴᠡᠭᠴᠡᠯᠡᠬᠦ ᠶᠢ ᠰᠠᠶᠢᠳᠤᠷ ᠠᠳᠬᠤᠨ᠂ ᠬᠠᠷᠢᠭᠤᠴᠠᠯᠭ᠎ᠠ ᠶᠢᠨ ᠨᠠᠶᠢᠳᠠᠪᠤᠷᠢᠵᠢᠭᠤᠯᠤᠯᠳᠠ ᠨᠢ ᠤᠷᠤᠨᠵᠢᠵᠤ ᠳᠡᠶᠢᠯᠦᠭᠰᠡᠨ ᠦᠭᠡᠢ᠂ | ᠪᠡᠯᠡ ᠮᠦᠩᠬᠦᠨ ᠤ ᠭᠡᠷᠡᠭᠯᠡᠯᠳᠡ ᠨᠢ ᠳᠦᠷᠢᠮᠵᠢᠵᠤ ᠳᠡᠶᠢᠯᠦᠭᠰᠡᠨ ᠦᠭᠡᠢ ᠵᠡᠷᠭᠡ ᠠᠰᠠᠭᠤᠳᠠᠯ ᠤᠳ ᠢ ᠴᠢᠩᠭ᠎ᠠ ᠪᠠᠶᠢᠴᠠᠭᠠᠨ ᠰᠢᠢᠳᠪᠤᠷᠢᠯᠡᠵᠤ᠂ ᠵᠢᠯ ᠤᠨ ᠶᠠᠳᠠᠭᠤ | ᠠᠴᠠ ᠠᠩᠬᠢᠵᠢᠷᠠᠭᠤᠯᠬᠤ ᠡᠬᠦᠷᠭᠡ ᠶᠢ ᠪᠦᠬᠦ ᠳᠠᠯ᠎ᠠ ᠪᠠᠷ ᠪᠡᠶᠡᠯᠡᠬᠦᠯᠬᠦ ᠳᠤ ᠪᠠᠳᠤᠯᠠᠭ᠎ᠠ ᠬᠠᠩᠭᠠᠨ᠎ᠠ᠃ | ᠪᠤᠬᠢᠷᠳᠤᠯ ᠢ ᠰᠡᠷᠭᠡᠶᠢᠯᠡᠨ ᠵᠠᠰᠠᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠢ ᠰᠠᠶᠢᠳᠤᠷ ᠬᠢᠨ᠎ᠠ᠃ ᠰᠢ ᠶᠢᠨ ᠫᠢᠩ ᠤᠨ ᠠᠮᠢ ᠠᠬᠤᠢ ᠶᠢᠨ ᠪᠤᠯᠪᠠᠰᠤᠨ ᠤ ᠦᠵᠡᠯ | ᠰᠠᠨᠠᠭ᠎ᠠ ᠶᠢ ᠬᠦᠨᠵᠡᠭᠡᠢ ᠳᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠳᠦᠪ ᠤᠨ ᠤᠷᠴᠢᠨ ᠳᠤᠭᠤᠷᠢᠨ ᠤ ᠬᠠᠮᠠᠭᠠᠯᠠᠯᠳᠠ ᠶᠢᠨ ᠱᠠᠯᠠᠪᠳᠠᠭᠤᠯᠤᠬᠰᠠᠨ ᠪᠠᠶᠢᠴᠠᠭᠠᠯᠳᠠ | ᠵᠢᠴᠢ ︽ᠡᠷᠬᠢᠵᠤ ᠬᠠᠷᠠᠬᠤ︾ ᠠᠵᠢᠯᠯᠠᠭ᠎ᠠ ᠳᠤ ᠬᠠᠷᠢᠭᠤ ᠳᠤᠰᠬᠠᠬᠰᠠᠨ ᠠᠰᠠᠭᠤᠳᠠᠯ ᠢ ᠵᠠᠰᠠᠨ ᠴᠡᠭᠴᠡᠯᠡᠬᠦ ᠶᠢ ᠪᠦᠬᠦ ᠬᠦᠴᠤᠨ ᠢᠶᠠᠷ ᠢᠶᠠᠨ ᠰᠠᠶᠢᠳᠤᠷ ᠬᠢᠨ᠎ᠠ᠃ | ᠬᠦᠭᠡ ᠤᠬᠳᠠᠷᠭᠤᠢ ᠶᠢ ᠬᠠᠮᠠᠭᠠᠯᠠᠬᠤ ᠳᠠᠶᠢᠯᠠᠯᠳᠤᠭᠠᠨ ᠢ ᠭᠤᠶᠢᠪᠢᠰᠢ ᠦᠭᠡᠢ ᠰᠠᠶᠢᠳᠤᠷ ᠬᠢᠵᠤ᠂ ᠵᠢᠩ ᠲᠠᠢ ᠶᠢᠨ ᠴᠠᠬᠢᠯᠭᠠᠨ ᠭᠠᠷᠭᠠᠬᠤ᠂ ᠵᠡᠬᠦᠨᠭᠠᠷ ᠤᠨ ᠡᠨᠧᠷᠬᠢ | ᠶᠢᠨ ᠨᠡᠬᠦᠷᠡᠰᠤᠨ ᠴᠢᠯᠠᠭᠤ ᠪᠠᠷ ᠴᠠᠬᠢᠯᠭᠠᠨ ᠭᠠᠷᠭᠠᠬᠤ 3 ᠮᠠᠰᠢᠨ ᠴᠤᠬᠴᠠᠯᠠᠪᠤᠷᠢ ᠶᠢᠨ ᠭᠠᠳᠠᠬᠰᠢᠯᠠᠭᠤᠯᠤᠯ ᠢ ᠪᠠᠭᠠᠰᠬᠠᠬᠤ ᠦᠭᠡᠷᠡᠴᠢᠯᠡᠯᠳᠡ ᠶᠢ ᠪᠡᠶᠡᠯᠡᠬᠦᠯᠤᠨ᠎ᠠ︔ | ᠴᠠᠶᠢᠶ᠋ᠢᠤ ᠳᠦᠯᠡᠳᠡᠭ ᠪᠠᠷᠠᠭᠠᠨ ᠤ ᠳᠡᠷᠭᠡ ᠶᠢᠨ ᠪᠠᠷᠢᠮᠵᠢᠶᠠᠨ ᠠᠴᠠ ᠭᠡᠳᠤᠷᠡᠵᠤ ᠭᠠᠳᠠᠬᠰᠢᠯᠠᠭᠤᠯᠬᠤ ᠶᠢ ᠳᠤᠰᠬᠠᠢ ᠵᠠᠰᠠᠨ ᠴᠡᠭᠴᠡᠯᠡᠨ᠎ᠠ︔ ᠤᠷᠴᠢᠨ ᠳᠤᠭᠤᠷᠢᠨ ᠤ | ᠬᠠᠮᠠᠭᠠᠯᠠᠯᠳᠠ ᠶᠢᠨ ᠰᠠᠭᠤᠷᠢ ᠮᠦᠩᠬᠦ ᠶᠢ ᠭᠠᠷᠭᠠᠵᠤ᠂ ᠨᠡᠬᠦᠷᠡᠰᠤᠨ ᠠᠭᠤᠷᠬᠠᠢ᠂ ᠨᠡᠬᠦᠷᠡᠰᠤᠨ ᠳᠠᠯᠠᠪᠠᠢ ᠪᠠ ᠵᠠᠮ ᠤᠨ ᠳᠤᠭᠤᠰᠤ ᠳᠡᠭᠳᠡᠬᠦ ᠪᠤᠬᠢᠷᠳᠤᠯ ᠢ ᠤᠯᠠᠨ | ᠠᠷᠭ᠎ᠠ ᠭᠡᠮᠵᠢᠶ᠎ᠠ ᠪᠠᠷ ᠪᠠᠭᠠᠰᠬᠠᠨ᠎ᠠ︔ ᠦᠷᠦᠪᠳᠡᠰᠤᠨ ᠨᠡᠬᠦᠷᠡᠰᠤ ᠶᠢ ᠵᠠᠰᠠᠨ ᠴᠡᠭᠴᠡᠯᠡᠬᠦ᠂ ᠬᠦᠳᠡᠭᠡ ᠳᠤᠰᠬᠤᠨ ᠤ ᠦᠩᠭᠡᠨ ᠳᠠᠯ᠎ᠠ ᠶᠢᠨ ᠪᠤᠬᠢᠷᠳᠤᠯ ᠪᠠ ᠬᠤᠭᠤᠯᠠᠨ | ᠭᠡᠷ ᠤᠨ ᠤᠳᠤᠭ᠎ᠠ ᠳᠤᠭᠤᠰᠤ ᠳᠤᠰᠤ ᠶᠢ ᠵᠠᠰᠠᠨ ᠴᠡᠭᠴᠡᠯᠡᠬᠦ ᠵᠡᠷᠭᠡ ᠠᠵᠢᠯ ᠢ ᠴᠢᠩᠭᠠᠳᠬᠠᠨ᠂ ᠠᠭᠠᠷ ᠤᠨ ᠴᠢᠨᠠᠷ ᠰᠠᠶᠢᠵᠢᠷᠠᠬᠰᠠᠨ ᠨᠤᠷᠮ᠎ᠠ ᠶᠢ ᠴᠢᠨᠠᠬᠰᠢᠳᠠ | ᠳᠡᠭᠡᠭᠰᠢᠯᠡᠬᠦᠯᠤᠨ᠎ᠠ᠃ ᠴᠡᠩᠭᠡᠭ ᠤᠰᠤ ᠶᠢ ᠬᠠᠮᠠᠭᠠᠯᠠᠬᠤ ᠳᠠᠶᠢᠯᠠᠯᠳᠤᠭᠠᠨ ᠢ ᠭᠤᠶᠢᠪᠢᠰᠢ ᠦᠭᠡᠢ ᠰᠠᠶᠢᠳᠤᠷ ᠬᠢᠵᠤ᠂ ᠬᠦᠷᠢᠶᠡᠯᠡᠩ ᠳᠤᠭᠤᠷᠢᠭ ᠪᠠ ᠤᠶᠢᠯᠡᠳᠪᠤᠷᠢ | ᠠᠭᠤᠷᠬᠠᠢ ᠶᠢᠨ ᠠᠵᠤ ᠠᠬᠤᠶᠢᠯᠠᠯ ᠤᠨ ᠤᠰᠤᠨ ᠤ ᠪᠤᠬᠢᠷᠳᠤᠯ ᠢ ᠰᠡᠷᠭᠡᠶᠢᠯᠡᠨ ᠵᠠᠰᠠᠬᠤ ᠶᠢ ᠴᠢᠩᠭᠠᠳᠬᠠᠵᠤ᠂ ᠨᠡᠬᠦᠷᠡᠰᠤ ᠬᠢᠮᠢ ᠶᠢᠨ ᠠᠵᠤ ᠤᠶᠢᠯᠡᠳᠪᠤᠷᠢ ᠶᠢᠨ ᠠᠵᠢᠯ | ᠳᠦᠷᠤᠯ ᠤᠨ ᠳᠠᠪᠤᠰᠤ ᠶᠡᠭᠡ ᠤᠰᠤᠨ ᠠᠴᠠ ᠳᠠᠯᠠᠰᠳᠤ ᠳᠠᠪᠤᠰᠤ ᠶᠢ ᠢᠯᠭᠠᠪᠤᠷᠢᠯᠠᠨ ᠰᠠᠯᠭᠠᠬᠤ ᠢᠨᠵᠧᠨᠧᠷᠢᠩ ᠢ ᠦᠷᠬᠦᠯᠵᠢᠯᠡᠨ ᠭᠡᠷᠡᠭᠵᠢᠬᠦᠯᠤᠨ᠂ ᠡᠵᠡᠩᠨᠡᠯᠳᠡ ᠬᠢᠵᠤ | ᠪᠠᠶᠢᠭ᠎ᠠ ᠳᠤᠰᠤ ᠨᠡᠮᠡᠬᠦ ᠦᠷᠳᠡᠭᠡᠨ ᠤ ᠬᠤᠤᠰ ᠳᠠᠪᠬᠤᠷᠭᠠᠳᠤ ᠪᠤᠷᠳᠤᠭᠤ ᠪᠤᠯᠭᠠᠨ ᠦᠭᠡᠷᠡᠴᠢᠯᠡᠬᠦ ᠡᠬᠦᠷᠭᠡ ᠶᠢ ᠪᠡᠶᠡᠯᠡᠬᠦᠯᠤᠨ᠎ᠠ︔ ᠭᠤᠤᠯ ᠤᠨ ᠳᠠᠷᠤᠭ᠎ᠠ ᠶᠢᠨ | ᠳᠦᠷᠢᠮ ᠢ ᠴᠢᠩᠭ᠎ᠠ ᠨᠠᠶᠢᠳᠠᠪᠤᠷᠢᠵᠢᠭᠤᠯᠤᠨ᠂ ᠯᠦᠩ ᠸᠠᠩ ᠭᠸᠤ᠂ ᠪᠤᠬ᠎ᠠ ᠶᠢᠨ ᠭᠤᠤᠯ ᠵᠡᠷᠭᠡ ᠭᠤᠤᠯᠳᠠᠯᠭ᠎ᠠ ᠲᠠᠢ ᠰᠠᠪᠠ ᠭᠠᠵᠠᠷ ᠢ ᠶᠡᠷᠦᠩᠭᠡᠶᠢᠯᠡᠨ ᠵᠠᠰᠠᠬᠤ ᠶᠢ | ᠠᠬᠢᠭᠤᠯᠤᠨ᠎ᠠ︔ ᠤᠤᠭᠤᠬᠤ ᠤᠰᠤᠨ ᠤ ᠢᠷᠡᠯᠳᠡ ᠶᠢ ᠳᠤᠭᠤᠷᠢᠨ ᠪᠠᠶᠢᠴᠠᠭᠠᠬᠤ᠂ ᠵᠠᠰᠠᠨ ᠴᠡᠭᠴᠡᠯᠡᠬᠦ ᠠᠵᠢᠯ ᠢ ᠦᠷᠨᠢᠬᠦᠯᠵᠤ᠂ ᠠᠷᠠᠳ ᠤᠯᠠᠨ ᠤ ᠤᠤᠭᠤᠬᠤ | ᠤᠰᠤᠨ ᠤ ᠠᠮᠤᠷ ᠳᠦᠪᠰᠢᠨ ᠢ ᠪᠠᠳᠤᠯᠠᠨ᠎ᠠ᠃ ᠴᠡᠪᠡᠷ ᠬᠦᠷᠤᠰᠤ ᠰᠢᠷᠤᠢ ᠶᠢ ᠬᠠᠮᠠᠭᠠᠯᠠᠬᠤ ᠳᠠᠶᠢᠯᠠᠯᠳᠤᠭᠠᠨ ᠢ ᠭᠤᠶᠢᠪᠢᠰᠢ ᠦᠭᠡᠢ ᠰᠠᠶᠢᠳᠤᠷ ᠬᠢᠵᠤ᠂ ᠠᠭᠤᠷᠬᠠᠢ | ᠶᠢᠨ ᠤᠷᠤᠨ ᠤ ᠤᠷᠴᠢᠨ ᠳᠤᠭᠤᠷᠢᠨ ᠢ ᠰᠡᠷᠬᠦᠭᠡᠨ ᠵᠠᠰᠠᠬᠤ ᠳᠦᠷᠢᠮ ᠤᠨ ᠳᠤᠬᠳᠠᠴᠠ ᠶᠢ ᠳᠡᠬᠦᠯᠳᠡᠷᠵᠢᠬᠦᠯᠤᠨ ᠪᠦᠷᠢᠨᠰᠢᠬᠦᠯᠵᠤ᠂ 1000 ᠾᠧᠺᠲ᠋ᠡᠷ ᠭᠠᠵᠠᠷ ᠢ | ᠠᠳᠠᠷᠰᠢᠭᠤᠯᠤᠨ ᠨᠤᠭᠤᠭᠠᠷᠠᠭᠤᠯᠤᠨ᠎ᠠ︔ ᠠᠶᠤᠯᠳᠠᠢ ᠬᠠᠶᠠᠬᠳᠠᠮᠠᠯ ᠪᠤᠳᠠᠰ ᠤᠶᠢᠯᠡᠳᠪᠤᠷᠢᠯᠡᠳᠡᠭ ᠠᠵᠤ ᠠᠬᠤᠶᠢᠯᠠᠯ ᠢ ᠬᠢᠨᠠᠨ ᠬᠠᠮᠢᠶᠠᠷᠬᠤ ᠪᠠ ᠡᠮ ᠡᠮᠨᠡᠯᠭᠡ ᠶᠢᠨ | ᠬᠠᠶᠠᠬᠳᠠᠮᠠᠯ ᠪᠤᠳᠠᠰ ᠢ ᠬᠠᠮᠢᠶᠠᠷᠬᠤ ᠶᠢ ᠴᠢᠩᠭᠠᠳᠬᠠᠨ᠂ ᠬᠤᠳᠠ ᠪᠠᠯᠭᠠᠰᠤᠨ ᠤ ᠡᠮ ᠡᠮᠨᠡᠯᠭᠡ ᠶᠢᠨ ᠬᠠᠶᠠᠬᠳᠠᠮᠠᠯ ᠪᠤᠳᠠᠰ ᠢ ᠪᠤᠬᠢᠷᠳᠤᠯ ᠦᠭᠡᠢ ᠪᠠᠷ ᠰᠢᠢᠳᠪᠤᠷᠢᠯᠡᠬᠦ | ᠨᠤᠷᠮ᠎ᠠ ᠶᠢ 100% ᠳᠤ ᠬᠦᠷᠭᠡᠨ᠎ᠠ︔ ᠠᠮᠢ ᠠᠬᠤᠢ ᠶᠢᠨ ᠪᠦᠳᠤᠭᠡᠨ ᠪᠠᠶᠢᠭᠤᠯᠤᠯᠳᠠ ᠶᠢᠨ ᠬᠦᠴᠤᠯᠡᠴᠡ ᠶᠢ ᠨᠡᠮᠡᠭᠳᠡᠬᠦᠯᠤᠨ᠂ ︽ᠭᠤᠷᠪᠠᠨ ᠤᠷᠤᠨ ᠤ | ᠳᠦᠯᠦᠪᠵᠢᠬᠦᠯᠭᠡ︾ ᠪᠠ ᠮᠠᠯ ᠪᠡᠯᠴᠢᠭᠡᠷᠯᠡᠬᠦᠯᠬᠦ ᠶᠢ ᠬᠤᠷᠢᠬᠯᠠᠬᠤ ᠭᠠᠵᠠᠷ ᠬᠠᠭᠠᠯᠪᠤᠷᠢᠯᠠᠬᠤ ᠶᠢ ᠬᠤᠷᠢᠬᠯᠠᠬᠤ ᠳᠦᠷᠦ ᠶᠢᠨ ᠪᠤᠳᠤᠯᠭ᠎ᠠ ᠶᠢ ᠴᠢᠩᠭ᠎ᠠ ᠭᠡᠷᠡᠭᠵᠢᠬᠦᠯᠵᠤ᠂ | ᠳᠤᠮᠤ ᠬᠦᠯᠡᠮᠵᠢ ᠪᠠᠶᠢᠭᠤᠯᠬᠤ ᠨᠡᠷ᠎ᠠ ᠪᠠᠷ ᠳᠠᠷᠢᠶᠠᠨ ᠭᠠᠵᠠᠷ ᠢ ᠨᠡᠷ᠎ᠠ ᠪᠤᠷᠤᠭᠤᠯᠠᠵᠤ ᠡᠵᠡᠯᠡᠬᠦ ᠶᠢ ᠡᠷᠡᠰ ᠴᠡᠪᠡᠷᠯᠡᠵᠤ᠂ ᠳᠠᠷᠢᠶᠠᠨ ᠭᠠᠵᠠᠷ ᠢ ᠳᠠᠷᠢᠶᠠᠯᠠᠩ ᠤᠨ ᠪᠤᠰᠤ | ᠭᠠᠵᠠᠷ ᠪᠤᠯᠭᠠᠬᠤ ᠶᠢ ᠡᠷᠡᠰ ᠬᠤᠷᠢᠬᠯᠠᠨ᠎ᠠ︔ ᠬᠠᠳᠤᠨ ᠭᠤᠤᠯ ᠳᠠᠭᠠᠤ ᠠᠮᠢ ᠠᠬᠤᠢ ᠶᠢᠨ ᠬᠤᠩᠬᠢᠯ᠂ ᠪᠠᠶᠢᠭᠠᠯᠢ ᠶᠢᠨ ᠤᠢ ᠶᠢᠨ ᠬᠠᠮᠠᠭᠠᠯᠠᠯᠳᠠ᠂ ᠳᠠᠷᠢᠶᠠᠯᠠᠬᠤ ᠪᠠᠨ | ᠪᠤᠯᠢᠵᠤ ᠤᠢ ᠮᠤᠳᠤ ᠳᠠᠷᠢᠬᠤ ᠢᠨᠵᠧᠨᠧᠷᠢᠩ ᠢ ᠰᠠᠶᠢᠳᠤᠷ ᠭᠡᠷᠡᠭᠵᠢᠬᠦᠯᠤᠨ᠂ ᠤᠢ ᠰᠢᠭᠤᠢ ᠠᠮᠢ ᠠᠬᠤᠢ ᠶᠢᠨ ᠪᠦᠳᠤᠭᠡᠨ ᠪᠠᠶᠢᠭᠤᠯᠤᠯᠳᠠ ᠶᠢ 7733 ᠾᠧᠺᠲ᠋ᠡᠷ᠂ | ᠬᠦᠷᠤᠰᠤ ᠰᠢᠷᠤᠢ ᠶᠢᠨ ᠢᠳᠡᠭᠳᠡᠯ ᠢ ᠵᠠᠰᠠᠬᠤ ᠳᠠᠯᠠᠪᠠᠢ ᠶᠢ 2500 ᠾᠧᠺᠲ᠋ᠡᠷ ᠪᠡᠶᠡᠯᠡᠬᠦᠯᠤᠨ᠎ᠠ᠃ | ᠳᠦᠯᠦᠭᠡᠯᠡᠭᠴᠢᠳ ᠡ᠂ ︽ᠭᠤᠷᠪᠠᠨ ᠶᠡᠭᠡ ᠪᠤᠭᠤᠮᠳᠠ ᠰᠢᠪᠳᠤᠯᠬᠤ ᠳᠠᠶᠢᠯᠠᠯᠳᠤᠭᠠᠨ︾ ᠨᠢ ᠨᠡᠶᠢᠭᠡᠮ ᠤᠨ ᠪᠦᠬᠦ ᠳᠠᠯ᠎ᠠ ᠶᠢᠨ ᠳᠤᠬᠳᠠᠭᠤᠨ᠂ ᠠᠵᠤ ᠠᠬᠤᠢ ᠶᠢᠨ | ᠭᠡᠯᠪᠡᠷᠢ ᠪᠠᠨ ᠬᠤᠪᠢᠷᠠᠭᠤᠯᠤᠨ ᠳᠡᠰ ᠳᠡᠪᠰᠢᠬᠦᠯᠬᠦ ᠪᠠ ᠴᠢᠨᠠᠷ ᠰᠠᠶᠢᠳᠠᠢ ᠬᠦᠭᠵᠢᠯᠳᠡ ᠲᠠᠢ ᠬᠤᠯᠪᠤᠬᠳᠠᠵᠤ᠂ ᠴᠢᠨᠡᠭᠡᠯᠢᠭ ᠨᠡᠶᠢᠭᠡᠮ ᠢ ᠪᠦᠬᠦ ᠳᠠᠯ᠎ᠠ ᠪᠠᠷ ᠪᠡᠶᠡᠯᠡᠬᠦᠯᠬᠦ᠂ | ᠠᠩᠬᠠᠨ ᠤ ᠵᠠᠭᠤᠨ ᠵᠢᠯ ᠤᠨ ᠳᠡᠮᠡᠴᠡᠬᠦ ᠬᠠᠷᠠᠯᠳᠠ ᠶᠢ ᠪᠡᠶᠡᠯᠡᠬᠦᠯᠬᠦ ᠵᠠᠩᠬᠢᠯᠠᠭ᠎ᠠ ᠶᠢᠨ ᠳᠠᠶᠢᠯᠠᠯᠳᠤᠭᠠᠨ ᠪᠤᠯᠤᠨ᠎ᠠ᠃ ᠪᠢᠳᠠ ᠤᠯᠤᠰ ᠳᠦᠷᠦ ᠶᠢᠨ ᠵᠤᠬᠰᠤᠴᠠ ᠪᠠᠨ | ᠴᠢᠨᠠᠬᠰᠢᠳᠠ ᠨᠡᠮᠡᠭᠳᠡᠬᠦᠯᠤᠨ᠂ ᠳᠠᠨᠢᠯᠳᠠ ᠪᠠᠨ ᠬᠦᠨᠵᠡᠭᠡᠶᠢᠷᠡᠬᠦᠯᠵᠤ᠂ ᠬᠦᠴᠤᠨ ᠢᠶᠠᠨ ᠨᠢᠬᠳᠠᠷᠠᠭᠤᠯᠤᠨ᠂ ᠭᠤᠷᠪᠠᠨ ᠶᠡᠭᠡ ᠪᠤᠭᠤᠮᠳᠠ ᠰᠢᠪᠳᠤᠯᠬᠤ ᠳᠠᠶᠢᠯᠠᠯᠳᠤᠭᠠᠨ ᠤ | ᠪᠦᠬᠦ ᠳᠠᠯ᠎ᠠ ᠶᠢᠨ ᠢᠯᠠᠯᠳᠠ ᠶᠢ ᠳᠡᠮᠡᠴᠡᠨ ᠤᠯᠤᠶ᠎ᠠ︕ | ︵ᠬᠤᠶᠠᠷ︶ ᠰᠢᠨ᠎ᠠ ᠶᠢ ᠡᠬᠦᠳᠬᠦ ᠪᠠᠷ ᠬᠦᠳᠡᠯᠭᠡᠬᠦᠷ ᠪᠤᠯᠭᠠᠬᠤ ᠶᠢ ᠪᠠᠷᠢᠮᠳᠠᠯᠠᠨ᠂ ᠰᠢᠨ᠎ᠠ ᠬᠠᠭᠤᠴᠢᠨ ᠬᠦᠳᠡᠯᠭᠡᠬᠦ ᠡᠨᠧᠷᠬᠢ ᠶᠢᠨ ᠰᠤᠯᠢᠬᠳᠠᠯ ᠢ ᠳᠦᠷᠭᠡᠳᠭᠡᠵᠤ᠂ | ᠴᠢᠨᠠᠷ ᠰᠠᠶᠢᠳᠠᠢ ᠬᠦᠭᠵᠢᠯᠳᠡ ᠶᠢᠨ ᠪᠤᠳᠠᠳᠤ ᠴᠤᠬᠴᠠ ᠶᠢᠨ ᠠᠵᠤ ᠠᠬᠤᠢ ᠶᠢᠨ ᠳᠤᠬᠳᠠᠯᠴᠠᠭ᠎ᠠ ᠶᠢ ᠴᠢᠷᠮᠠᠶᠢᠨ ᠪᠦᠷᠢᠯᠳᠦᠬᠦᠯᠤᠨ᠎ᠠ᠃ | ᠪᠦᠳᠤᠮᠵᠢᠳᠡᠢ ᠪᠡᠯᠡ ᠤᠷᠤᠭᠤᠯᠤᠯᠳᠠ ᠶᠢ ᠦᠷᠬᠦᠯᠵᠢᠯᠡᠨ ᠨᠡᠮᠡᠭᠳᠡᠬᠦᠯᠤᠨ᠎ᠠ᠃ ᠳᠦᠷᠤᠯ ᠵᠤᠶᠢᠯ ᠢᠶᠠᠷ ᠳᠠᠶᠢᠴᠢᠯᠠᠨ᠂ ᠪᠡᠯᠡ ᠤᠷᠤᠭᠤᠯᠤᠯᠳᠠ ᠪᠠᠷ ᠳᠠᠶᠢᠴᠢᠯᠠᠬᠤ | ᠶᠢ ᠪᠠᠷᠢᠮᠳᠠᠯᠠᠨ᠂ ᠭᠤᠤᠯᠳᠠᠯᠭ᠎ᠠ ᠲᠠᠢ ᠳᠦᠷᠤᠯ ᠵᠤᠶᠢᠯ ᠤᠨ ᠪᠤᠭᠤᠮᠳᠠ ᠰᠢᠪᠳᠤᠯᠬᠤ ᠶᠢ ᠳᠦᠪᠯᠡᠷᠡᠬᠦᠯᠤᠨ ᠦᠷᠨᠢᠬᠦᠯᠵᠤ᠂ ᠭᠤᠤᠯᠳᠠᠯᠭ᠎ᠠ ᠲᠠᠢ ᠳᠦᠷᠤᠯ ᠵᠤᠶᠢᠯ ᠢ | ᠬᠤᠯᠪᠤᠭᠠᠯᠠᠨ ᠳᠠᠭᠠᠭᠤᠯᠤᠨ ᠬᠢᠬᠦ ᠳᠤᠬᠳᠠᠴᠠ ᠶᠢ ᠴᠢᠩᠭ᠎ᠠ ᠨᠠᠶᠢᠳᠠᠪᠤᠷᠢᠵᠢᠭᠤᠯᠤᠨ᠂ ᠭᠠᠵᠠᠷ ᠰᠢᠷᠤᠢ᠂ ᠤᠰᠤ᠂ ᠪᠡᠯᠡ ᠮᠦᠩᠬᠦ ᠵᠡᠷᠭᠡ ᠬᠦᠴᠤᠨ ᠵᠤᠶᠢᠯ ᠤᠨ | ᠬᠢᠵᠠᠭᠠᠷᠯᠠᠯ ᠢ ᠢᠳᠡᠪᠢᠳᠡᠢ ᠪᠠᠷ ᠡᠪᠳᠡᠵᠤ᠂ ᠳᠦᠷᠤᠯ ᠵᠤᠶᠢᠯ ᠢ ᠳᠦᠪᠯᠡᠷᠡᠬᠦᠯᠤᠨ ᠪᠠᠷᠢᠯᠭ᠎ᠠ ᠡᠬᠢᠯᠡᠬᠦᠯᠬᠦ ᠠᠵᠢᠯᠯᠠᠭ᠎ᠠ ᠶᠢ ᠦᠷᠨᠢᠬᠦᠯᠵᠤ᠂ ᠨᠢᠭᠡ ᠪᠦᠯᠦᠭ ᠳᠦᠷᠤᠯ | ᠵᠤᠶᠢᠯ ᠤᠨ ᠪᠠᠷᠢᠯᠭ᠎ᠠ ᠶᠢ ᠡᠬᠢᠯᠡᠬᠦᠯᠤᠨ᠂ ᠨᠢᠭᠡ ᠪᠦᠯᠦᠭ ᠳᠦᠷᠤᠯ ᠵᠤᠶᠢᠯ ᠢ ᠪᠦᠳᠤᠭᠡᠨ ᠪᠠᠶᠢᠭᠤᠯᠵᠤ᠂ ᠨᠢᠭᠡ ᠪᠦᠯᠦᠭ ᠳᠦᠷᠤᠯ ᠵᠤᠶᠢᠯ ᠢ ᠪᠠᠷᠢᠯᠭ᠎ᠠ ᠳᠠᠭᠤᠰᠬᠠᠨ᠂ | ᠨᠢᠭᠡ ᠪᠦᠯᠦᠭ ᠳᠦᠷᠤᠯ ᠵᠤᠶᠢᠯ ᠢ ᠨᠦᠭᠡᠴᠡᠯᠡᠬᠦ ᠳᠠᠰᠤᠷᠠᠯᠳᠠ ᠦᠭᠡᠢ ᠬᠦᠭᠵᠢᠬᠦᠯᠬᠦ ᠪᠠᠶᠢᠳᠠᠯ ᠢ ᠪᠦᠷᠢᠯᠳᠦᠬᠦᠯᠤᠨ᠂ ᠪᠦᠬᠦ ᠵᠢᠯ ᠳᠤ ᠳ᠋ᠦᠩᠰᠢᠭᠤᠷ ᠳᠦᠬᠦᠷᠢᠭ ᠠᠴᠠ | ᠳᠡᠭᠡᠭᠰᠢᠬᠢ ᠭᠤᠤᠯᠳᠠᠯᠭ᠎ᠠ ᠲᠠᠢ 77ᠳᠦᠷᠤᠯ ᠵᠤᠶᠢᠯ ᠢ ᠭᠡᠷᠡᠭᠵᠢᠬᠦᠯᠤᠨ᠎ᠠ᠃ ᠬᠦᠷᠢᠶᠡᠯᠡᠩ ᠳᠤᠭᠤᠷᠢᠭ ᠢ ᠬᠦᠭᠵᠢᠬᠦᠯᠬᠦ ᠠᠯᠬᠤᠴᠠ ᠪᠠᠨ ᠳᠦᠷᠭᠡᠳᠭᠡᠨ᠂ ᠵᠡᠬᠦᠨᠭᠠᠷ | ᠠᠵᠤ ᠠᠬᠤᠢ ᠶᠢᠨ ᠨᠡᠭᠡᠭᠡᠯᠳᠡ ᠶᠢᠨ ᠤᠷᠤᠨ ᠪᠠ ᠳ᠋ᠠ ᠯᠤ᠋ ᠨᠡᠬᠦᠷᠡᠰᠤ ᠬᠢᠮᠢ ᠶᠢᠨ ᠠᠵᠤ ᠤᠶᠢᠯᠡᠳᠪᠤᠷᠢ ᠶᠢᠨ ᠰᠠᠭᠤᠷᠢᠨ ᠭᠠᠵᠠᠷ ᠤᠨ ᠰᠠᠭᠤᠷᠢ ᠳᠦᠬᠦᠭᠡᠷᠤᠮᠵᠢ ᠶᠢ | ᠦᠷᠬᠦᠯᠵᠢᠯᠡᠨ ᠳᠡᠬᠦᠯᠳᠡᠷᠵᠢᠬᠦᠯᠵᠤ᠂ ᠠᠮᠢ ᠠᠬᠤᠢ ᠤᠷᠴᠢᠨ ᠳᠤᠭᠤᠷᠢᠨ ᠤ ᠬᠠᠮᠠᠭᠠᠯᠠᠯᠳᠠ᠂ ᠭᠠᠮᠰᠢᠭ ᠢ ᠰᠡᠷᠭᠡᠶᠢᠯᠡᠨ ᠭᠠᠮᠰᠢᠭ ᠢ ᠪᠠᠭᠠᠰᠬᠠᠬᠤ᠂ ᠤᠯᠠᠨ ᠨᠡᠶᠢᠳᠡ | ᠶᠢᠨ ᠤᠶᠢᠯᠡᠴᠢᠯᠡᠭᠡ ᠵᠡᠷᠭᠡ ᠭᠤᠤᠯᠳᠠᠯᠭ᠎ᠠ ᠲᠠᠢ ᠬᠦᠷᠢᠶ᠎ᠠ ᠭᠡᠪᠴᠢᠶ᠎ᠠ ᠪᠠ ᠳᠤᠷᠤᠢ ᠪᠠᠭᠤᠷᠠᠢ ᠭᠤᠬᠴᠤᠭᠠᠨ ᠤ ᠪᠦᠳᠤᠭᠡᠨ ᠪᠠᠶᠢᠭᠤᠯᠤᠯᠳᠠ ᠶᠢ ᠴᠢᠩᠭᠠᠳᠬᠠᠨ᠂ ᠮᠡᠳᠡᠭᠡ | ᠵᠠᠩᠬᠢ ᠰᠦᠯᠵᠢᠶ᠎ᠡ᠂ ᠤᠳᠤ ᠦᠶ᠎ᠠ ᠶᠢᠨ ᠪᠠᠷᠠᠭᠠᠨ ᠤ ᠬᠦᠢᠯᠭᠡᠭᠡᠨ ᠤ ᠳᠤᠯᠭᠠᠭᠤᠷᠢᠯᠠᠬᠤ ᠴᠢᠳᠠᠪᠤᠷᠢ ᠶᠢ ᠳᠡᠭᠡᠭᠰᠢᠯᠡᠬᠦᠯᠤᠨ᠎ᠠ᠃ ᠤᠨᠤᠪᠴᠢᠳᠠᠢ ᠠᠷᠠᠯᠵᠢᠶᠠᠴᠢᠨ | ᠤᠷᠢᠬᠤ ᠪᠠᠶᠢᠯᠳᠤᠬᠤ ᠪᠤᠳᠤᠯᠭ᠎ᠠ ᠶᠢ ᠭᠡᠷᠡᠭᠵᠢᠬᠦᠯᠤᠨ᠂ ᠨᠡᠬᠦᠷᠡᠰᠤ᠂ ᠨᠡᠬᠦᠷᠡᠰᠤ ᠬᠢᠮᠢ ᠶᠢᠨ ᠠᠵᠤ ᠤᠶᠢᠯᠡᠳᠪᠤᠷᠢ᠂ ᠨᠡᠬᠦᠷᠡᠰᠤ ᠴᠠᠬᠢᠯᠭᠠᠨ ᠬᠦᠩᠭᠡᠨᠴᠡᠭᠠᠨ᠂ | ᠱᠠᠭᠠᠵᠠᠩ ᠳᠤᠭᠤᠰᠬ᠎ᠠ ᠵᠡᠷᠭᠡ ᠭᠤᠤᠯᠳᠠᠯᠭ᠎ᠠ ᠲᠠᠢ ᠠᠵᠢᠯ ᠳᠦᠷᠤᠯ ᠳᠤ ᠴᠢᠭᠯᠡᠬᠦᠯᠤᠨ᠂ ᠨᠢᠭᠡ ᠪᠦᠯᠦᠭ ᠭᠡᠯᠬᠢᠶ᠎ᠠ ᠶᠢ ᠤᠷᠳᠤᠳᠬᠠᠬᠰᠠᠨ᠂ ᠭᠡᠯᠬᠢᠶ᠎ᠠ ᠶᠢ | ᠨᠦᠬᠦᠪᠤᠷᠢᠯᠡᠭᠰᠡᠨ᠂ ᠭᠡᠯᠬᠢᠶ᠎ᠠ ᠶᠢ ᠴᠢᠩᠭᠠᠷᠠᠭᠤᠯᠤᠬᠰᠠᠨ ᠠᠵᠤ ᠤᠶᠢᠯᠡᠳᠪᠤᠷᠢ ᠶᠢᠨ ᠳᠦᠷᠤᠯ ᠵᠤᠶᠢᠯ ᠪᠠ ᠪᠦᠬᠦ ᠤᠷᠤᠨ ᠪᠦᠰᠡ ᠶᠢᠨ ᠵᠤᠭᠠᠴᠠᠯ᠂ ᠤᠳᠤ ᠦᠶ᠎ᠠ | ᠶᠢᠨ ᠪᠠᠷᠠᠭᠠᠨ ᠤ ᠬᠦᠢᠯᠭᠡᠭᠡ᠂ ᠡᠯᠧᠺᠲᠷᠤᠨ ᠬᠤᠳᠠᠯᠳᠤᠭᠠᠨ ᠤ ᠶᠠᠪᠤᠳᠠᠯ ᠵᠡᠷᠭᠡ ᠤᠳᠤ ᠦᠶ᠎ᠠ ᠶᠢᠨ ᠤᠶᠢᠯᠡᠴᠢᠯᠡᠭᠡᠨ ᠤ ᠤᠶᠢᠯᠡᠰ ᠤᠨ ᠳᠦᠷᠤᠯ ᠵᠤᠶᠢᠯ ᠢ | ᠤᠷᠤᠭᠤᠯᠤᠨ ᠠᠪᠴᠢᠷᠠᠵᠤ᠂ ᠵᠦᠪᠳᠡᠯᠴᠡᠭᠡᠷ ᠬᠢᠵᠤ 500 ᠳ᠋ᠦᠩᠰᠢᠭᠤᠷ ᠳᠦᠬᠦᠷᠢᠭ ᠠᠴᠠ ᠳᠡᠭᠡᠭᠰᠢ ᠪᠡᠯᠡ ᠮᠦᠩᠬᠦ ᠶᠢ ᠤᠷᠤᠭᠤᠯᠤᠨ ᠠᠪᠴᠢᠷᠠᠬᠤ ᠪᠠᠷ ᠴᠢᠷᠮᠠᠶᠢᠨ᠎ᠠ | ᠃ | ᠤᠳᠤ ᠦᠶ᠎ᠠ ᠶᠢᠨ ᠡᠨᠧᠷᠬᠢ ᠶᠢᠨ ᠠᠵᠤ ᠠᠬᠤᠢ ᠶᠢ ᠳᠦᠷᠭᠡᠨ ᠬᠦᠭᠵᠢᠬᠦᠯᠤᠨ᠎ᠠ᠃ ᠡᠬᠢ ᠪᠠᠶᠠᠯᠢᠭ ᠤᠨ ᠳᠠᠪᠠᠭᠤᠯᠢᠭ ᠪᠠ ᠠᠵᠤ ᠤᠶᠢᠯᠡᠰ ᠤᠨ ᠰᠠᠭᠤᠷᠢ | ᠳᠠᠭᠠᠨ ᠰᠠᠭᠤᠷᠢᠯᠠᠨ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠠ ᠶᠢ ᠡᠬᠦᠳᠬᠦ ᠶᠢ ᠴᠢᠩᠭᠠᠳᠬᠠᠨ᠂ ᠡᠬᠢ ᠪᠠᠶᠠᠯᠢᠭ ᠢ ᠴᠡᠪᠡᠷᠰᠢᠬᠦᠯᠤᠨ ᠨᠡᠭᠡᠭᠡᠨ ᠠᠰᠢᠬᠯᠠᠬᠤ᠂ | ᠴᠡᠪᠡᠷᠰᠢᠬᠦᠯᠤᠨ ᠭᠠᠳᠠᠬᠰᠢ ᠬᠦᠷᠭᠡᠬᠦ᠂ ᠬᠤᠪᠢᠷᠠᠭᠤᠯᠤᠨ ᠦᠷᠳᠡᠭ ᠢ ᠨᠢ ᠨᠡᠮᠡᠭᠳᠡᠬᠦᠯᠬᠦ᠂ ᠶᠡᠷᠦᠩᠭᠡᠶᠢᠯᠡᠨ ᠨᠡᠭᠡᠭᠡᠨ ᠠᠰᠢᠬᠯᠠᠬᠤ ᠶᠢ ᠠᠬᠢᠭᠤᠯᠵᠤ᠂ ᠨᠡᠬᠦᠷᠡᠰᠤ ᠶᠢ | ᠳᠤᠬᠠᠢ ᠶᠢᠨ ᠭᠠᠵᠠᠷ ᠲᠤᠨᠢ ᠬᠤᠪᠢᠷᠠᠭᠤᠯᠬᠤ ᠨᠤᠷᠮ᠎ᠠ ᠶᠢ ᠳᠡᠭᠡᠭᠰᠢᠯᠡᠬᠦᠯᠦᠭᠡᠳ 15% ᠠᠴᠠ ᠳᠠᠪᠠᠭᠤᠯᠤᠨ᠎ᠠ᠃ ᠴᠡᠪᠡᠷᠰᠢᠬᠦᠯᠤᠨ ᠨᠡᠭᠡᠭᠡᠨ ᠠᠰᠢᠬᠯᠠᠬᠤ ᠳᠠᠯ᠎ᠠ ᠪᠠᠷ᠄ | ᠠᠶᠤᠯᠬᠦᠢ ᠤᠷᠴᠢᠨ ᠳᠤᠭᠤᠷᠢᠨ ᠤ ᠬᠠᠮᠠᠭᠠᠯᠠᠯᠳᠠ᠂ ᠪᠤᠬᠢᠷᠳᠤᠯ ᠦᠭᠡᠢ ᠬᠦᠭᠵᠢᠬᠦᠯᠬᠦ ᠱᠠᠭᠠᠷᠳᠠᠯᠭ᠎ᠠ ᠶᠤᠰᠤᠭᠠᠷ᠂ ᠬᠤᠴᠤᠷᠤᠬᠳᠠᠩᠭᠤᠢ ᠤᠶᠢᠯᠡᠳᠪᠤᠷᠢᠯᠡᠯ ᠤᠨ | ᠴᠢᠳᠠᠪᠬᠢ ᠶᠢ ᠡᠷᠡᠰ ᠳᠠᠶᠠᠬᠳᠠᠨ᠂ ᠳᠡᠷᠢᠬᠦᠨ ᠤ ᠤᠶᠢᠯᠡᠳᠪᠤᠷᠢᠯᠡᠯ ᠤᠨ ᠴᠢᠳᠠᠪᠬᠢ ᠶᠢ ᠳᠢᠭᠯᠢᠮ ᠲᠠᠢ ᠪᠠᠷ ᠪᠠᠳᠠᠷᠠᠭᠤᠯᠵᠤ᠂ ᠨᠡᠬᠦᠷᠡᠰᠤᠨ ᠤ ᠭᠠᠷᠤᠯᠳᠠ ᠶᠢ 2.7 | ᠳ᠋ᠦᠩᠰᠢᠭᠤᠷ ᠳᠤᠨ ᠤᠷᠴᠢᠮ ᠢᠶᠠᠷ ᠳᠤᠬᠳᠠᠪᠤᠷᠢᠵᠢᠭᠤᠯᠤᠨᠠ᠃ ᠤᠯᠤᠰ ᠤᠨ ᠡᠨᠧᠷᠬᠢ ᠶᠢᠨ ᠪᠦᠯᠦᠭᠯᠡᠯ ᠤᠨ ᠯᠦᠩ ᠸᠠᠩ ᠭᠸᠤ ᠨᠡᠬᠦᠷᠡᠰᠤᠨ ᠠᠭᠤᠷᠬᠠᠢ ᠶᠢ | ᠪᠠᠶᠢᠭᠤᠯᠵᠤ ᠠᠰᠢᠬᠯᠠᠯᠳᠠ ᠳᠤ ᠤᠷᠤᠭᠤᠯᠤᠨ᠂ ᠨᠡᠬᠦᠷᠡᠰᠤᠨ ᠤ ᠤᠶᠢᠯᠡᠳᠪᠤᠷᠢᠯᠡᠯ ᠤᠨ ᠴᠢᠳᠠᠪᠬᠢ ᠶᠢ1000 ᠳᠦᠮᠡᠨ ᠳᠤᠨ ᠰᠢᠨ᠎ᠠ ᠪᠠᠷ ᠨᠡᠮᠡᠭᠳᠡᠬᠦᠯᠤᠨ᠎ᠠ︔ | ᠳᠠᠭᠤᠷᠢᠶᠠᠯ ᠦᠵᠡᠬᠦᠯᠵᠤ ᠳᠠᠭᠠᠭᠤᠯᠬᠤ᠂ ᠪᠦᠬᠦᠶᠢᠯᠡ ᠴᠤᠬᠴᠠ ᠪᠠᠷ ᠠᠬᠢᠭᠤᠯᠬᠤ ᠶᠢ ᠪᠠᠷᠢᠮᠳᠠᠯᠠᠨ᠂ ᠪᠤᠬᠢᠷᠳᠤᠯ ᠦᠭᠡᠢ ᠠᠭᠤᠷᠬᠠᠢ ᠶᠢ 10 ᠪᠠᠶᠢᠭᠤᠯᠤᠨ᠎ᠠ᠃ | ᠴᠡᠪᠡᠷᠰᠢᠬᠦᠯᠤᠨ ᠭᠠᠳᠠᠬᠰᠢ ᠬᠦᠷᠭᠡᠬᠦ ᠳᠠᠯ᠎ᠠ ᠪᠠᠷ ᠄ ᠳᠡᠮᠤᠷ ᠵᠠᠮ ᠤᠨ ᠳᠦᠪᠯᠡᠷᠡᠬᠦᠯᠤᠨ ᠰᠠᠪᠠᠯᠠᠬᠤ ᠦᠷᠳᠡᠭᠡ ᠪᠠ ᠳᠡᠮᠤᠷ ᠵᠠᠮ ᠢ ᠵᠠᠯᠭᠠᠯᠳᠤᠭᠤᠯᠬᠤ ᠪᠦᠳᠤᠭᠡᠨ | ᠪᠠᠶᠢᠭᠤᠯᠤᠯᠳᠠ ᠶᠢ ᠳᠦᠷᠭᠡᠳᠭᠡᠵᠤ᠂ ᠰᠧ ᠳ᠋ᠤᠤ ᠯᠢᠤ ᠶᠢᠨ ᠳᠦᠪᠯᠡᠷᠡᠬᠦᠯᠤᠨ ᠳᠡᠭᠡᠭᠡᠪᠤᠷᠢᠯᠡᠬᠦ ᠦᠷᠳᠡᠭᠡ ᠪᠠ ᠨᠤᠸᠠᠨ ᠱᠦᠢ᠂ ᠳ᠋ᠠ ᠶᠤᠸᠠᠨ ᠤ ᠵᠡᠬᠦᠨᠳᠡᠬᠢ ᠪᠠᠷᠠᠭᠠᠨ ᠤ | ᠬᠦᠢᠯᠭᠡᠭᠡᠨ ᠤᠨ ᠬᠦᠷᠢᠶᠡᠯᠡᠩ ᠳᠤᠭᠤᠷᠢᠭ ᠵᠡᠷᠭᠡ ᠠᠵᠤ ᠠᠬᠤᠢ ᠠᠷᠠᠯᠵᠢᠶᠠᠨ ᠤ ᠬᠦᠢᠯᠭᠡᠭᠡᠨ ᠤ ᠳᠦᠷᠤᠯ ᠵᠤᠶᠢᠯ ᠢ ᠡᠬᠢᠯᠡᠨ ᠭᠡᠷᠡᠭᠵᠢᠬᠦᠯᠵᠤ᠂ ᠭᠤᠸᠠᠨ ᠽᠢ ᠭᠸᠤ᠂ | ᠬᠤᠩ ᠵᠢᠩ ᠲᠠ ᠶᠢᠨ ᠳᠦᠪᠯᠡᠷᠡᠬᠦᠯᠤᠨ ᠳᠡᠭᠡᠭᠡᠪᠤᠷᠢᠯᠡᠬᠦ ᠦᠷᠳᠡᠭᠡ ᠶᠢ ᠪᠠᠶᠢᠭᠤᠯᠵᠤ ᠠᠰᠢᠬᠯᠠᠯᠳᠠ ᠳᠤ ᠤᠷᠤᠭᠤᠯᠤᠨ᠂ ᠳᠡᠮᠤᠷ ᠵᠠᠮ ᠤᠨ ᠳᠡᠭᠡᠭᠡᠪᠤᠷᠢᠯᠡᠬᠦ ᠴᠢᠳᠠᠪᠤᠷᠢ | ᠶᠢ 1000 ᠳᠦᠮᠡᠨ ᠳᠤᠨ ᠰᠢᠨ᠎ᠠ ᠪᠠᠷ ᠨᠡᠮᠡᠭᠳᠡᠬᠦᠯᠵᠤ᠂ ︽ᠨᠡᠬᠦᠷᠡᠰᠤ ᠶᠢ ᠳᠡᠮᠤᠷ ᠵᠠᠮ ᠢᠶᠠᠷ ᠳᠡᠭᠡᠭᠡᠪᠤᠷᠢᠯᠡᠬᠦ︾ ᠬᠠᠷᠢᠴᠠᠯ ᠢ ᠳᠡᠭᠡᠭᠰᠢᠯᠡᠬᠦᠯᠤᠨ᠎ᠠ᠃ ᠴᠠᠬᠢᠯᠭᠠᠨ | ᠬᠦᠴᠤᠨ ᠤ ᠵᠠᠮ ᠪᠠ ᠴᠠᠬᠢᠯᠭᠠᠨ ᠢᠷᠡᠯᠳᠡ ᠶᠢᠨ ᠴᠡᠭ ᠤᠨ ᠪᠦᠳᠤᠭᠡᠨ ᠪᠠᠶᠢᠭᠤᠯᠤᠯᠳᠠ ᠶᠢ ᠳᠦᠷᠭᠡᠳᠭᠡᠵᠤ᠂ ᠤᠯᠤᠰ ᠤᠨ ᠴᠠᠬᠢᠯᠭᠠᠨ ᠤ ᠴᠠᠩ ᠳᠠᠨ ᠴᠠᠬᠢᠯᠭᠠᠨ | ᠤᠶᠢᠯᠡᠳᠪᠤᠷᠢ ᠶᠢ ᠪᠠᠷᠢᠯᠭ᠎ᠠ ᠡᠬᠢᠯᠡᠬᠦᠯᠵᠤ ᠪᠦᠳᠤᠭᠡᠨ ᠪᠠᠶᠢᠭᠤᠯᠤᠨ᠂ ᠵᠦᠵᠢᠶᠠᠩ ᠤᠨ ᠵᠤ᠋ ᠵᠢᠶᠠ ᠫᠢᠩ ᠤᠨ ᠴᠠᠬᠢᠯᠭᠠᠨ ᠤᠶᠢᠯᠡᠳᠪᠤᠷᠢ ᠶᠢᠨ ᠨᠢᠭᠡᠳᠤᠭᠡᠷ ᠨᠤᠮᠧᠷᠳᠤ | ᠮᠠᠰᠢᠨ ᠴᠤᠬᠴᠠᠯᠠᠪᠤᠷᠢ ᠶᠢ ᠠᠰᠢᠬᠯᠠᠯᠳᠠ ᠳᠤ ᠤᠷᠤᠭᠤᠯᠤᠨ᠂ ᠴᠠᠬᠢᠯᠭᠠᠨ ᠬᠦᠴᠤᠨ ᠤ ᠮᠠᠰᠢᠨ ᠴᠤᠬᠴᠠᠯᠠᠪᠤᠷᠢ ᠶᠢᠨ ᠪᠠᠭᠳᠠᠭᠠᠮᠵᠢ ᠶᠢ 66 ᠳᠦᠮᠡᠨ ᠺᠢᠯᠤᠸᠠᠲ | ᠰᠢᠨ᠎ᠠ ᠪᠠᠷ ᠨᠡᠮᠡᠭᠳᠡᠬᠦᠯᠵᠤ᠂ ︽ᠨᠡᠬᠦᠷᠡᠰᠤ ᠶᠢ ᠠᠭᠠᠷ ᠢᠶᠠᠷ ᠳᠡᠭᠡᠭᠡᠪᠤᠷᠢᠯᠡᠬᠦ︾ ᠬᠠᠷᠢᠴᠠᠯ ᠢ ᠳᠡᠭᠡᠭᠰᠢᠯᠡᠬᠦᠯᠤᠨ᠎ᠠ᠃ ᠬᠤᠪᠢᠷᠠᠭᠤᠯᠤᠨ ᠦᠷᠳᠡᠭ ᠢ ᠨᠢ ᠨᠡᠮᠡᠭᠳᠡᠬᠦᠯᠬᠦ | ᠳᠠᠯ᠎ᠠ ᠪᠠᠷ᠄ ᠭᠡᠪᠴᠢᠶᠡᠵᠢᠬᠦᠯᠬᠦ ᠨᠠᠷᠢᠯᠢᠬᠵᠢᠭᠤᠯᠬᠤ ᠪᠠᠷ ᠬᠠᠷᠠᠯᠳᠠ ᠪᠤᠯᠭᠠᠨ᠂ ᠦᠪᠡᠷᠳᠡᠭᠡᠨ ᠵᠠᠰᠠᠬᠤ ᠤᠷᠤᠨ ᠠᠴᠠ ᠵᠡᠬᠦᠨᠭᠠᠷ ᠳᠤᠬᠳᠠᠬᠤ ᠴᠢᠩ ᠱᠦᠢ ᠾᠧ ᠠᠵᠤ | ᠤᠶᠢᠯᠡᠳᠪᠤᠷᠢ ᠶᠢᠨ ᠬᠦᠷᠢᠶᠡᠯᠡᠩ ᠳᠤᠭᠤᠷᠢᠭ ᠢ ᠳᠡᠮᠵᠢᠵᠤ ᠬᠤᠳᠠ ᠶᠢᠨ ᠬᠤᠭᠤᠷᠤᠨᠳᠤᠬᠢ ᠠᠵᠤ ᠤᠶᠢᠯᠡᠰ ᠤᠨ ᠬᠠᠮᠳᠤᠷᠠᠨ ᠠᠵᠢᠯᠯᠠᠬᠤ ᠳᠤᠷᠰᠢᠯᠳᠠ ᠶᠢᠨ ᠴᠡᠭ ᠤᠨ | ᠠᠵᠢᠯᠯᠠᠭ᠎ᠠ ᠶᠢ ᠦᠷᠨᠢᠬᠦᠯᠬᠦ ᠪᠠᠷ ᠠᠵᠠ ᠳᠤᠬᠢᠶᠠᠯ ᠪᠤᠯᠭᠠᠨ᠂ ᠳᠤᠰᠤ᠂ ᠪᠠᠶᠢᠭᠠᠯᠢ ᠶᠢᠨ ᠰᠢᠳᠠᠮᠠᠬᠠᠢ ᠭᠡᠢ᠂ ᠮᠧᠲ᠋ᠢᠯ ᠠᠯᠺᠤᠤᠯ᠂ ᠠᠯᠺᠧᠨ ᠵᠡᠷᠭᠡ ᠨᠡᠬᠦᠷᠡᠰᠤ ᠬᠢᠮᠢ | ᠶᠢᠨ ᠠᠵᠤ ᠤᠶᠢᠯᠡᠳᠪᠤᠷᠢ ᠶᠢᠨ ᠠᠵᠤ ᠤᠶᠢᠯᠡᠰ ᠤᠨ ᠭᠡᠪᠴᠢᠶᠡᠵᠢᠯ ᠢ ᠬᠦᠭᠵᠢᠬᠦᠯᠤᠨ ᠪᠤᠵᠠᠭᠠᠶᠢᠷᠠᠭᠤᠯᠵᠤ᠂ ᠤᠯᠤᠰ ᠤᠨ ᠴᠠᠬᠢᠯᠭᠠᠨ ᠤ ᠪᠡᠯᠡ ᠤᠷᠤᠭᠤᠯᠤᠯᠳᠠ ᠶᠢᠨ | ᠪᠦᠯᠦᠭᠯᠡᠯ ᠤᠨ80 ᠳᠦᠮᠡᠨ ᠳᠤᠨ ᠤ ᠨᠡᠬᠦᠷᠡᠰᠤ ᠪᠠᠷ ᠠᠯᠺᠧᠨ ᠤᠶᠢᠯᠡᠳᠪᠤᠷᠢᠯᠡᠬᠦ᠂ ᠺᠠᠢ ᠯᠤᠸᠠᠨ ᠤ40 ᠳᠦᠮᠡᠨ ᠳᠤᠨ ᠤ ᠨᠡᠬᠦᠷᠡᠰᠤ ᠪᠠᠷ ᠡᠲ᠋ᠡ ᠬᠤᠶᠠᠷᠴᠢ | ᠠᠯᠺᠤᠤᠯ ᠤᠶᠢᠯᠡᠳᠪᠤᠷᠢᠯᠡᠬᠦ ᠵᠡᠷᠭᠡ ᠳᠦᠷᠤᠯ ᠵᠤᠶᠢᠯ ᠤᠨ ᠪᠦᠳᠤᠭᠡᠨ ᠪᠠᠶᠢᠭᠤᠯᠤᠯᠳᠠ ᠶᠢ ᠭᠤᠤᠯᠳᠠᠯᠭ᠎ᠠ ᠲᠠᠢ ᠠᠬᠢᠭᠤᠯᠵᠤ᠂ ᠬᠤᠸᠠ ᠨᠠᠢ ᠲᠧ ᠤᠨ 50 ᠳᠦᠮᠡᠨ | ᠳᠤᠨ ᠤ ᠴᠢᠯᠠᠭᠤᠨ ᠳᠤᠰᠤᠨ ᠤ ᠳᠤᠯᠤᠭᠴᠢ ᠨᠤᠨᠳᠠᠭ ᠤᠨ ᠨᠢᠭᠡᠳᠤᠭᠡᠷ ᠬᠤᠭᠤᠴᠠᠭᠠᠨ ᠤ ᠪᠠᠷᠢᠯᠭ᠎ᠠ᠂ ᠶᠤᠤ ᠶᠤᠸᠠᠨ ᠤ 5 ᠳᠦᠮᠡᠨ ᠳᠤᠨ ᠤ ᠭᠤᠮ ᠰᠦᠯᠢᠶᠤᠤ | ᠵᠡᠷᠭᠡ ᠳᠦᠷᠤᠯ ᠵᠤᠶᠢᠯ ᠢ ᠪᠦᠳᠤᠭᠡᠨ ᠪᠠᠶᠢᠭᠤᠯᠵᠤ ᠠᠰᠢᠬᠯᠠᠯᠳᠠ ᠳᠤ ᠤᠷᠤᠭᠤᠯᠤᠨ᠂ ᠨᠡᠬᠦᠷᠡᠰᠤ ᠬᠢᠮᠢ ᠶᠢᠨ ᠠᠵᠤ ᠤᠶᠢᠯᠡᠳᠪᠤᠷᠢ ᠶᠢᠨ ᠤᠶᠢᠯᠡᠳᠪᠤᠷᠢᠯᠡᠯ ᠤᠨ | ᠴᠢᠳᠠᠪᠬᠢ ᠶᠢ 150 ᠳᠦᠮᠡᠨ ᠳᠤᠨ ᠰᠢᠨ᠎ᠠ ᠪᠠᠷ ᠨᠡᠮᠡᠭᠳᠡᠬᠦᠯᠤᠨ᠎ᠠ᠃ ᠶᠡᠷᠦᠩᠭᠡᠶᠢᠯᠡᠨ ᠨᠡᠭᠡᠭᠡᠨ ᠠᠰᠢᠬᠯᠠᠬᠤ ᠳᠠᠯ᠎ᠠ ᠪᠠᠷ᠄ ᠤᠷᠳᠤᠰ ᠬᠤᠳᠠ ᠶᠢᠨ ᠵᠡᠬᠦᠨᠭᠠᠷ | ᠬᠤᠰᠢᠭᠤᠨ ᠤ ᠱᠠᠭᠠᠵᠠᠩ ᠳᠤᠭᠤᠰᠬ᠎ᠠ ᠶᠢᠨ ᠠᠵᠤ ᠤᠶᠢᠯᠡᠰ ᠤᠨ ᠬᠦᠭᠵᠢᠯᠳᠡ ᠶᠢ ᠳᠦᠷᠭᠡᠳᠭᠡᠬᠦ ᠶᠢ ᠳᠡᠮᠵᠢᠬᠦ ᠠᠰᠢᠬᠳᠠᠢ ᠳᠤᠬᠢᠶᠠᠯ ᠢ ᠪᠠᠳᠤ ᠡᠵᠡᠮᠳᠡᠨ᠂ ᠱᠠᠭᠠᠵᠠᠩ | ᠳᠤᠭᠤᠰᠬ᠎ᠠ ᠶᠢᠨ ᠵᠢᠵᠢᠭ ᠪᠠᠯᠭᠠᠰᠤᠨ ᠤ ᠪᠦᠳᠤᠭᠡᠨ ᠪᠠᠶᠢᠭᠤᠯᠤᠯᠳᠠ ᠶᠢ ᠡᠬᠢᠯᠡᠬᠦᠯᠵᠤ᠂ ᠤᠳᠤ ᠪᠠᠶᠢᠭ᠎ᠠ ᠱᠠᠭᠠᠵᠠᠩ ᠳᠤᠭᠤᠰᠬ᠎ᠠ ᠶᠢᠨ ᠠᠵᠤ ᠠᠬᠤᠶᠢᠯᠠᠯ ᠢ | ᠵᠤᠷᠢᠬᠵᠢᠭᠤᠯᠤᠨ ᠵᠢᠯᠤᠭᠤᠳᠤᠨ ᠳᠠᠭᠠᠭᠤᠯᠵᠤ ᠪᠠᠶᠢᠭᠠᠳ ᠳᠡᠭᠡᠳᠤ ᠳᠡᠰ ᠤᠨ ᠴᠢᠳᠠᠪᠤᠷᠢᠳᠠᠨ᠂ ᠳᠡᠭᠡᠳᠤ ᠰᠢᠨ᠎ᠠ ᠮᠡᠷᠭᠡᠵᠢᠯ᠂ ᠳᠡᠷᠢᠬᠦᠨ ᠤ ᠳᠤᠨᠤᠬᠯᠠᠯ ᠤᠳ ᠢ | ᠤᠷᠤᠭᠤᠯᠤᠨ ᠠᠪᠴᠢᠷᠠᠵᠤ᠂ ᠬᠦᠴᠤᠨ ᠢᠶᠠᠨ ᠳᠦᠪᠯᠡᠷᠡᠬᠦᠯᠤᠨ ᠠᠵᠤ ᠠᠬᠤᠶᠢᠯᠠᠯ ᠢ ᠬᠠᠪᠰᠤᠷᠴᠤ ᠬᠦᠭᠵᠢᠯᠳᠡ ᠶᠢᠨ ᠳᠤᠮᠳᠠ ᠤᠷᠤᠰᠢᠵᠤ ᠪᠠᠶᠢᠭ᠎ᠠ ᠬᠦᠴᠢᠷᠳᠡᠯ ᠪᠠ | ᠠᠰᠠᠭᠤᠳᠠᠯ ᠢ ᠰᠢᠢᠳᠪᠤᠷᠢᠯᠡᠨ᠂ ᠤᠳᠤ ᠪᠠᠶᠢᠭ᠎ᠠ ᠱᠠᠭᠠᠵᠠᠩ ᠳᠤᠭᠤᠰᠬ᠎ᠠ ᠶᠢᠨ ᠠᠵᠤ ᠠᠬᠤᠶᠢᠯᠠᠯ ᠤᠨ ᠭᠡᠪ ᠤᠨ ᠤᠶᠢᠯᠡᠳᠪᠤᠷᠢᠯᠡᠯ ᠡᠵᠡᠩᠨᠡᠯᠳᠡ ᠶᠢ ᠪᠠᠳᠤᠯᠠᠵᠤ᠂ | ᠱᠧᠩ ᠶᠤᠸᠠᠢ ᠭᠤᠤᠯᠢᠩ ᠰᠢᠷᠤᠢ ᠶᠢ ᠨᠠᠷᠢᠯᠢᠭ ᠪᠤᠯᠪᠠᠰᠤᠷᠠᠭᠤᠯᠬᠤ ᠪᠠ ᠭᠤᠤᠯᠢᠩ ᠰᠢᠷᠤᠢ᠂ ᠨᠡᠬᠦᠷᠡᠰᠤᠨ ᠴᠢᠯᠠᠭᠤ ᠶᠢ ᠰᠠᠯᠭᠠᠨ ᠬᠦᠮᠤᠷᠭᠡᠯᠡᠬᠦ ᠵᠡᠷᠭᠡ ᠳᠦᠷᠤᠯ | ᠵᠤᠶᠢᠯ ᠤᠨ ᠪᠠᠷᠢᠯᠭ᠎ᠠ ᠶᠢ ᠡᠬᠢᠯᠡᠬᠦᠯᠵᠤ ᠪᠦᠳᠤᠭᠡᠨ ᠪᠠᠶᠢᠭᠤᠯᠤᠨ᠎ᠠ᠃ ᠨᠤᠨᠳᠠᠭ ᠨᠡᠬᠦᠷᠡᠰᠤᠨ ᠤ ᠦᠨᠡᠰᠤ ᠶᠢ ᠡᠬᠢ ᠪᠠᠶᠠᠯᠢᠬᠵᠢᠭᠤᠯᠤᠨ ᠬᠦᠮᠤᠷᠭᠡᠯᠡᠬᠦ ᠶᠢ | ᠭᠡᠷᠡᠭᠵᠢᠬᠦᠯᠤᠨ᠂ ᠱᠧᠨ ᠬᠤᠸᠠ ᠶᠢᠨ 30 ᠳᠦᠮᠡᠨ ᠳᠤᠨ ᠤ ᠢᠰᠦᠯᠳᠦᠬᠦᠯᠦᠭᠰᠡᠨ ᠬᠦᠩᠭᠡᠨᠴᠠᠭᠠᠨ ᠤ ᠳᠦᠷᠤᠯ ᠵᠤᠶᠢᠯ ᠢ ᠪᠠᠷᠢᠯᠭ᠎ᠠ ᠡᠬᠢᠯᠡᠬᠦᠯᠤᠨ᠂ ᠡᠬᠢ ᠪᠠᠶᠠᠯᠢᠭ | ᠢ ᠡᠷᠬᠢᠯᠳᠦᠬᠦᠯᠤᠨ ᠶᠡᠷᠦᠩᠭᠡᠶᠢᠯᠡᠨ ᠨᠡᠭᠡᠭᠡᠨ ᠠᠰᠢᠬᠯᠠᠬᠤ ᠶᠢ ᠠᠬᠢᠭᠤᠯᠤᠨ᠎ᠠ᠃ | ᠰᠢᠨ᠎ᠠ ᠬᠦᠳᠡᠯᠭᠡᠭᠴᠢ ᠬᠦᠴᠤᠨ ᠤ ᠡᠨᠧᠷᠬᠢ᠂ ᠰᠢᠨ᠎ᠠ ᠠᠵᠤ ᠤᠶᠢᠯᠡᠰ ᠢ ᠶᠡᠭᠡ ᠪᠠᠷ ᠪᠤᠶᠢᠵᠢᠭᠤᠯᠤᠨ᠎ᠠ᠃ ᠭᠤᠤᠯᠯᠠᠬᠤ ᠠᠵᠤ ᠤᠶᠢᠯᠡᠰ ᠤᠨ ᠳᠤᠭᠤᠷᠢᠨ ᠳᠤ᠂ | ᠨᠢᠭᠡ ᠪᠦᠯᠦᠭ ᠳᠤᠨᠤᠬᠯᠠᠯ ᠤᠶᠢᠯᠡᠳᠬᠦ᠂ ᠰᠢᠨ᠎ᠠ ᠮᠠᠲ᠋ᠧᠷᠢᠶᠠᠯ᠂ ᠡᠨᠧᠷᠬᠢ ᠠᠷᠪᠢᠯᠠᠵᠤ ᠤᠷᠴᠢᠨ ᠳᠤᠭᠤᠷᠢᠨ ᠢ ᠬᠠᠮᠠᠭᠠᠯᠠᠬᠤ ᠵᠡᠷᠭᠡ ᠰᠢᠨ᠎ᠠ ᠮᠠᠶ᠋ᠢᠭ ᠤᠨ ᠠᠵᠤ | ᠤᠶᠢᠯᠡᠰ ᠢ ᠨᠠᠷᠢᠯᠢᠭ ᠤᠬᠠᠭᠠᠯᠠᠨ ᠰᠡᠳᠤᠵᠤ᠂ ᠰᠢᠨᠵᠢᠯᠡᠬᠦ ᠤᠬᠠᠭᠠᠨᠴᠢ ᠪᠠᠷ ᠪᠠᠶᠢᠷᠢᠯᠠᠭᠤᠯᠤᠨ᠂ ᠰᠢᠨ᠎ᠠ ᠡᠨᠧᠷᠬᠢ ᠶᠢᠨ ᠳᠦᠷᠤᠯ ᠵᠤᠶᠢᠯ ᠢ ᠳᠦᠯᠦᠪᠵᠢᠬᠦᠯᠤᠨ | ᠨᠠᠶᠢᠷᠠᠭᠤᠯᠬᠤ ᠠᠵᠢᠯ ᠢ ᠡᠬᠢᠯᠡᠬᠦᠯᠵᠤ᠂ ᠰᠢᠶᠧ ᠰᠢᠨ ᠤᠯᠠᠨ ᠳᠠᠯᠠᠰᠳᠤ ᠴᠠᠬᠢᠭᠤᠷ ᠤᠨ ᠳᠦᠷᠤᠯ ᠵᠤᠶᠢᠯ ᠢ ᠪᠠᠷᠢᠯᠭ᠎ᠠ ᠡᠬᠢᠯᠡᠬᠦᠯᠤᠨ ᠪᠦᠳᠤᠭᠡᠨ ᠪᠠᠶᠢᠭᠤᠯᠵᠤ᠂ ᠢ | ᠭᠤᠤ ᠶᠢᠨ 1 ᠳᠦᠮᠡᠨ ᠳᠤᠨ ᠤ ᠨᠡᠬᠦᠷᠡᠰᠤᠨ ᠮᠠᠲ᠋ᠧᠷᠢᠶᠠᠯ᠂ ᠳᠢᠶᠧ ᠴᠧᠨ ᠪᠠᠷᠢᠯᠭ᠎ᠠ ᠶᠢᠨ ᠮᠠᠰᠢᠨ ᠳᠤᠨᠤᠬᠯᠠᠯ ᠤᠨ 1000 ᠰᠠᠭᠤᠷᠢ ᠠᠭᠤᠷᠬᠠᠢ ᠳᠤ ᠭᠡᠷᠡᠭᠯᠡᠬᠦ | ᠦᠪᠡᠰᠤᠪᠠᠨ ᠪᠠᠭᠤᠯᠭᠠᠬᠤ ᠳᠡᠷᠭᠡ ᠵᠡᠷᠭᠡ ᠳᠦᠷᠤᠯ ᠵᠤᠶᠢᠯ ᠢ ᠪᠠᠷᠢᠯᠭ᠎ᠠ ᠡᠬᠢᠯᠡᠬᠦᠯᠵᠤ ᠠᠰᠢᠬᠯᠠᠯᠳᠠ ᠳᠤ ᠤᠷᠤᠭᠤᠯᠤᠨ᠎ᠠ᠃ ᠤᠳᠤ ᠦᠶ᠎ᠠ ᠶᠢᠨ ᠤᠶᠢᠯᠡᠴᠢᠯᠡᠭᠡᠨ ᠤ | ᠤᠶᠢᠯᠡᠰ ᠢ ᠶᠡᠭᠡ ᠪᠠᠷ ᠬᠦᠭᠵᠢᠬᠦᠯᠵᠤ᠂ ᠤᠳᠤ ᠦᠶ᠎ᠠ ᠶᠢᠨ ᠤᠶᠢᠯᠡᠴᠢᠯᠡᠭᠡᠨ ᠤ ᠤᠶᠢᠯᠡᠰ ᠤᠨ ᠰᠢᠨ᠎ᠠ ᠶᠢ ᠡᠬᠦᠳᠬᠦ ᠬᠦᠭᠵᠢᠯᠳᠡ ᠶᠢᠨ ᠳᠦᠯᠦᠪᠵᠢᠬᠦᠯᠭᠡ ᠶᠢ | ᠨᠠᠶᠢᠷᠠᠭᠤᠯᠤᠨ ᠳᠤᠬᠳᠠᠭᠠᠨ᠂ ᠤᠶᠢᠯᠡᠴᠢᠯᠡᠭᠡᠨ ᠤ ᠤᠶᠢᠯᠡᠰ ᠤᠨ ᠳᠦᠪᠯᠡᠷᠡᠬᠦᠯᠦᠭᠰᠡᠨ ᠳᠤᠭᠤᠷᠢᠭ ᠪᠠ ᠵᠢᠱᠢᠶ᠎ᠠ ᠦᠵᠡᠬᠦᠯᠬᠦ ᠳᠦᠷᠤᠯ ᠵᠤᠶᠢᠯ ᠢ ᠡᠬᠢᠯᠡᠨ ᠪᠦᠳᠤᠭᠡᠨ | ᠪᠠᠶᠢᠭᠤᠯᠵᠤ᠂ ︽ᠢᠨᠲ᠋ᠧᠷ ᠰᠦᠯᠵᠢᠶ᠎ᠡ + ᠤᠶᠢᠯᠡᠴᠢᠯᠡᠭᠡᠨ ᠤ ᠤᠶᠢᠯᠡᠰ︾ ᠤᠨ ᠬᠦᠨ ᠠᠭᠤᠰᠤᠯᠴᠠᠭᠤᠯᠤᠬᠰᠠᠨ ᠬᠦᠭᠵᠢᠯᠳᠡ ᠶᠢ ᠠᠬᠢᠭᠤᠯᠤᠨ᠎ᠠ᠃ ᠪᠦᠬᠦ ᠤᠷᠤᠨ | ᠪᠦᠰᠡ ᠶᠢᠨ ᠵᠤᠭᠠᠴᠠᠯ ᠢ ᠶᠡᠭᠡ ᠪᠠᠷ ᠬᠦᠭᠵᠢᠬᠦᠯᠵᠤ᠂ ᠵᠤᠭᠠᠴᠠᠯ ᠤᠨ ᠦᠨᠳᠤᠰᠤᠨ ᠨᠦᠬᠦᠴᠡᠯ ᠢ ᠦᠷᠬᠦᠯᠵᠢᠯᠡᠨ ᠰᠠᠶᠢᠵᠢᠷᠠᠭᠤᠯᠤᠨ᠂ ᠰᠢᠤᠸᠠᠢ ᠵᠢᠶᠠ ᠸᠠᠨ ᠠᠴᠠ | ᠯᠢᠤ ᠴᠢᠩ ᠯᠢᠶᠠᠩ ᠬᠦᠷᠬᠦ᠂ ᠯᠢᠤ ᠴᠢᠩ ᠯᠢᠶᠠᠩ ᠠᠴᠠ ᠴᠧᠩ ᠫᠦᠸᠧ ᠬᠦᠷᠬᠦ ᠵᠤᠭᠠᠴᠠᠯ ᠤᠨ ᠱᠤᠭᠤᠮ ᠵᠡᠷᠭᠡ ᠶᠢᠨ ᠳᠦᠷᠤᠯ ᠵᠤᠶᠢᠯ ᠤᠨ ᠪᠦᠳᠤᠭᠡᠨ ᠪᠠᠶᠢᠭᠤᠯᠤᠯᠳᠠ | ᠶᠢ ᠳᠦᠷᠭᠡᠳᠭᠡᠵᠤ᠂ ᠬᠠᠳᠤᠨ ᠭᠤᠤᠯ ᠤᠨ ᠳᠤᠮᠤ ᠬᠠᠪᠴᠢᠯ᠂ ᠯᠦᠩ ᠺᠸᠤ᠂ ᠵᠡᠬᠦᠨᠭᠠᠷ ᠵᠤᠤ ᠶᠢᠨ ᠵᠤᠭᠠᠴᠠᠯ ᠤᠨ ᠤᠷᠤᠨ ᠤ ᠪᠦᠳᠤᠭᠡᠨ ᠪᠠᠶᠢᠭᠤᠯᠤᠯᠳᠠ ᠶᠢ | ᠳᠡᠬᠦᠯᠳᠡᠷᠵᠢᠬᠦᠯᠤᠨ᠎ᠠ︔ ᠠᠵᠤ ᠤᠶᠢᠯᠡᠳᠪᠤᠷᠢ ᠶᠢᠨ ᠵᠤᠭᠠᠴᠠᠯ᠂ ᠬᠦᠳᠡᠭᠡ ᠳᠤᠰᠬᠤᠨ ᠤ ᠵᠤᠭᠠᠴᠠᠯ ᠢ ᠠᠬᠢᠭᠤᠯᠤᠨ᠂ ᠬᠠᠳᠠᠢ ᠭᠤᠤᠯ ᠵᠠᠳᠠᠭᠠᠢ ᠨᠡᠬᠦᠷᠡᠰᠤᠨ | ᠠᠭᠤᠷᠬᠠᠢ ᠶᠢᠨ ᠤᠯᠤᠰ ᠤᠨ ᠠᠭᠤᠷᠬᠠᠢ ᠶᠢᠨ ᠴᠡᠴᠡᠷᠯᠢᠭ ᠪᠠ ᠪᠠᠢ ᠯᠢ ᠴᠠᠩ ᠴᠤᠸᠠᠨ ᠤ ᠬᠦᠳᠡᠭᠡ ᠳᠤᠰᠬᠤᠨ ᠤ ᠵᠤᠭᠠᠴᠠᠯ ᠵᠡᠷᠭᠡ ᠰᠤᠳᠤᠨ ᠪᠦᠳᠤᠭᠡᠯ ᠤᠨ | ᠳᠦᠷᠤᠯ ᠵᠤᠶᠢᠯ ᠢ ᠨᠠᠷᠢᠯᠢᠭ ᠡᠬᠦᠳᠤᠨ᠎ᠠ᠃ ᠰᠤᠶᠤᠯ ᠵᠤᠭᠠᠴᠠᠯ ᠤᠨ ᠠᠭᠤᠰᠤᠯᠴᠠᠬᠰᠠᠨ ᠬᠦᠭᠵᠢᠯᠳᠡ ᠶᠢ ᠠᠬᠢᠭᠤᠯᠵᠤ᠂ ᠳᠡᠮᠳᠡᠭᠳᠤ ᠪᠠᠶᠠᠷ ᠳᠤᠷᠠᠰᠬᠠᠯ ᠤᠨ ᠡᠳᠤᠷ ᠢ | ᠪᠡᠯᠭᠡᠯᠡᠬᠦ ᠠᠵᠢᠯᠯᠠᠭ᠎ᠠ ᠶᠢ ᠦᠷᠨᠢᠬᠦᠯᠤᠨ᠂ ᠵᠤᠭᠠᠴᠠᠯ ᠤᠨ ᠤᠶᠢᠯᠡᠴᠢᠯᠡᠭᠡᠨ ᠤ ᠬᠢᠷᠢ ᠳᠦᠪᠰᠢᠨ ᠢ ᠰᠢᠯᠢᠳᠡᠭᠵᠢᠬᠦᠯᠤᠨ ᠳᠡᠭᠡᠭᠰᠢᠯᠡᠬᠦᠯᠤᠨ᠎ᠠ᠃ ᠡᠷᠡᠬᠦᠯᠵᠢᠯ ᠨᠠᠰᠤᠳᠠᠨ ᠤ | ᠠᠰᠠᠷᠠᠮᠵᠢ᠂ ᠡᠯᠧᠺᠲᠷᠤᠨ ᠬᠤᠳᠠᠯᠳᠤᠭ᠎ᠠ᠂ ᠰᠤᠷᠭᠠᠨ ᠬᠦᠮᠤᠵᠢᠯ ᠰᠤᠶᠤᠯ ᠵᠡᠷᠭᠡ ᠤᠶᠢᠯᠡᠴᠢᠯᠡᠭᠡᠨ ᠤ ᠤᠶᠢᠯᠡᠰ ᠤᠨ ᠬᠦᠭᠵᠢᠯᠳᠡ ᠶᠢᠨ ᠳᠡᠰ ᠳᠠᠪᠬᠤᠷᠭ᠎ᠠ ᠶᠢ | ᠳᠠᠰᠤᠷᠠᠯᠳᠠ ᠦᠭᠡᠢ ᠳᠡᠭᠡᠭᠰᠢᠯᠡᠬᠦᠯᠤᠨ᠂ ᠨᠡᠩ ᠤᠯᠠᠨ ᠦᠪᠡᠷᠮᠢᠴᠡ ᠤᠨᠴᠠᠯᠢᠬᠳᠤ᠂ ᠴᠢᠨᠠᠷᠯᠢᠭ᠂ ᠪᠤᠬᠢᠷᠳᠤᠯ ᠦᠭᠡᠢ ᠤᠶᠢᠯᠡᠴᠢᠯᠡᠭᠡᠨ ᠤ ᠤᠶᠢᠯᠡᠳᠬᠦᠨ ᠢ ᠬᠠᠩᠭᠠᠵᠤ᠂ | ᠭᠡᠷᠡᠭᠯᠡᠭᠡᠨ ᠤ ᠳᠡᠰᠵᠢᠯᠳᠡ ᠶᠢ ᠠᠬᠢᠭᠤᠯᠤᠨ᠎ᠠ᠃ ᠳᠦᠷᠪᠡᠳᠤᠭᠡᠷ ᠤᠳᠠᠭ᠎ᠠ ᠶᠢᠨ ᠪᠦᠬᠦ ᠤᠯᠤᠰ ᠤᠨ ᠠᠵᠤ ᠠᠬᠤᠢ ᠶᠢᠨ ᠨᠡᠶᠢᠳᠡᠮ ᠪᠠᠶᠢᠴᠠᠭᠠᠯᠳᠠ ᠶᠢᠨ ᠠᠵᠢᠯ ᠢ | ᠯᠠᠪᠳᠠᠭᠤᠨ ᠪᠠᠳᠤᠳᠠᠢ ᠬᠢᠵᠤ᠂ ᠳᠤᠭ᠎ᠠ ᠮᠠᠭᠠᠳ ᠢ ᠪᠤᠳᠠᠳᠠᠶᠢᠵᠢᠭᠤᠯᠤᠨ᠂ ᠪᠠᠶᠢᠳᠠᠯ ᠢ ᠨᠠᠷᠢᠨ ᠤᠶᠢᠯᠠᠭᠠᠨ᠎ᠠ᠃ | ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠠ ᠶᠢ ᠡᠬᠦᠳᠬᠦ ᠴᠢᠳᠠᠪᠤᠷᠢ ᠶᠢ ᠴᠢᠩᠭᠠᠳᠬᠠᠨ᠎ᠠ᠃ ᠰᠢᠨ᠎ᠠ ᠶᠢ ᠡᠬᠦᠳᠬᠦ ᠪᠠᠷ ᠬᠦᠭᠵᠢᠯᠳᠡ ᠶᠢ ᠠᠬᠢᠭᠤᠯᠬᠤ | ᠪᠠᠶᠢᠯᠳᠤᠬᠤ ᠪᠤᠳᠤᠯᠭ᠎ᠠ ᠶᠢ ᠪᠦᠬᠦ ᠳᠠᠯ᠎ᠠ ᠪᠠᠷ ᠨᠠᠶᠢᠳᠠᠪᠤᠷᠢᠵᠢᠭᠤᠯᠤᠨ᠂ ᠰᠢᠨ᠎ᠠ ᠶᠢ ᠡᠬᠦᠳᠬᠦ ᠬᠦᠭᠵᠢᠯᠳᠡ ᠶᠢᠨ ᠭᠤᠷᠪᠠᠨ ᠵᠢᠯ ᠤᠨ ᠠᠵᠢᠯᠯᠠᠭᠠᠨ ᠤ ᠳᠦᠰᠤᠯ ᠢ | ᠳᠤᠬᠳᠠᠭᠠᠨ᠂ ᠰᠢᠨ᠎ᠠ ᠶᠢ ᠡᠬᠦᠳᠬᠦ ᠮᠠᠶ᠋ᠢᠭ ᠤᠨ ᠰᠢᠶᠠᠨ ︵ᠬᠤᠳᠠ︶ ᠢ ᠡᠬᠦᠳᠤᠨ ᠪᠠᠶᠢᠭᠤᠯᠬᠤ ᠠᠵᠢᠯ ᠲᠠᠢ ᠤᠶᠠᠯᠳᠤᠭᠤᠯᠤᠨ᠂ ᠰᠢᠨᠵᠢᠯᠡᠬᠦ ᠤᠬᠠᠭᠠᠨ ᠮᠡᠷᠭᠡᠵᠢᠯ | ᠤᠨ ᠪᠡᠯᠡ ᠮᠦᠩᠬᠦ ᠶᠢ 9000 ᠳᠦᠮᠡᠨ ᠳᠦᠬᠦᠷᠢᠭ ᠳᠤᠬᠢᠷᠠᠭᠤᠯᠤᠨ᠂ ᠠᠵᠤ ᠠᠬᠤᠶᠢᠯᠠᠯ ᠢ ᠳᠡᠮᠵᠢᠨ ᠵᠢᠯᠤᠭᠤᠳᠤᠨ ᠳᠠᠭᠠᠭᠤᠯᠵᠤ ᠪᠠᠶᠢᠭᠠᠳ ᠮᠡᠷᠭᠡᠵᠢᠯ ᠤᠨ | ᠬᠦᠴᠢᠷ ᠠᠰᠠᠭᠤᠳᠠᠯ ᠢ ᠨᠢ ᠳᠤᠭᠤᠯᠤᠭᠤᠯᠵᠤ᠂ ᠴᠢᠳᠠᠪᠤᠷᠢᠳᠠᠨ᠂ ᠮᠡᠷᠭᠡᠵᠢᠯ᠂ ᠪᠡᠯᠡ ᠮᠦᠩᠬᠦ ᠪᠠᠷ ᠵᠢᠯᠤᠭᠤᠳᠤᠨ ᠳᠠᠭᠠᠭᠤᠯᠵᠤ ᠰᠢᠨ᠎ᠠ ᠶᠢ ᠡᠬᠦᠳᠬᠦ ᠡᠯᠧᠮᠧᠨ᠋ᠲ ᠢ | ᠳᠦᠪᠯᠡᠷᠡᠬᠦᠯᠤᠨᠠ᠃ ᠠᠵᠤ ᠠᠬᠤᠶᠢᠯᠠᠯ ᠤᠨ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠠ ᠶᠢ ᠡᠬᠦᠳᠬᠦ ᠭᠤᠤᠯ ᠴᠤᠬᠴᠠ ᠶᠢᠨ ᠪᠠᠶᠢᠷᠢ ᠰᠠᠭᠤᠷᠢ ᠶᠢ ᠳᠤᠪᠤᠶᠢᠯᠭᠠᠨ᠂ | ᠠᠵᠤ ᠠᠬᠤᠶᠢᠯᠠᠯ ᠢ ᠳᠡᠮᠵᠢᠵᠤ ᠨᠢᠭᠡ ᠪᠦᠯᠦᠭ ᠤᠯᠤᠰ ᠪᠠ ᠦᠪᠡᠷᠳᠡᠭᠡᠨ ᠵᠠᠰᠠᠬᠤ ᠤᠷᠤᠨ ᠤ ᠳᠡᠰ ᠤᠨ ᠭᠤᠤᠯᠳᠠᠯᠭ᠎ᠠ ᠲᠠᠢ ᠳᠤᠷᠰᠢᠯᠳᠠ ᠶᠢᠨ ᠳᠠᠰᠤᠭ᠂ ᠰᠤᠳᠤᠯᠬᠤ | ᠳᠦᠪ᠂ ᠠᠵᠤ ᠠᠬᠤᠶᠢᠯᠠᠯ ᠤᠨ ᠮᠡᠷᠭᠡᠵᠢᠯ ᠤᠨ ᠳᠦᠪ ᠢ ᠪᠠᠶᠢᠭᠤᠯᠵᠤ᠂ ᠵᠢᠯ ᠤᠨ ᠳᠤᠳᠤᠷ᠎ᠠ ᠳᠡᠭᠡᠳᠤ ᠰᠢᠨ᠎ᠠ ᠮᠡᠷᠭᠡᠵᠢᠯ ᠤᠨ ᠠᠵᠤ ᠠᠬᠤᠶᠢᠯᠠᠯ ᠢ 1᠂ ᠰᠤᠳᠤᠯᠭᠠᠨ | ᠤ ᠪᠠᠶᠢᠭᠤᠯᠤᠮᠵᠢ ᠶᠢ 1 ᠰᠢᠨ᠎ᠠ ᠪᠠᠷ ᠨᠡᠮᠡᠭᠳᠡᠬᠦᠯᠤᠨ᠎ᠠ᠃ ᠰᠢᠨ᠎ᠠ ᠶᠢ ᠡᠬᠦᠳᠬᠦ ᠮᠠᠶ᠋ᠢᠭ ᠤᠨ ᠴᠢᠳᠠᠪᠤᠷᠢᠳᠠᠨ ᠤ ᠡᠩᠨᠡᠭᠡᠨ ᠤ ᠪᠠᠶᠢᠭᠤᠯᠤᠯᠳᠠ ᠶᠢ ᠴᠢᠩᠭᠠᠳᠬᠠᠨ᠂ | ᠰᠢᠨᠵᠢᠯᠡᠬᠦ ᠤᠬᠠᠭᠠᠨ ᠮᠡᠷᠭᠡᠵᠢᠯ ᠤᠨ ᠳᠠᠭᠠᠭᠤᠯᠤᠬᠴᠢ ᠴᠢᠳᠠᠪᠤᠷᠢᠳᠠᠨ ᠢ ᠰᠤᠩᠭᠤᠨ ᠳᠡᠪᠰᠢᠬᠦᠯᠬᠦ᠂ ᠬᠦᠳᠡᠭᠡ ᠶᠢᠨ ᠴᠢᠳᠠᠪᠤᠷᠢᠳᠠᠨ ᠢ ᠰᠢᠯᠭᠠᠷᠠᠭᠤᠯᠤᠨ ᠰᠤᠩᠭᠤᠬᠤ ᠪᠠ | ᠰᠢᠨᠵᠢᠯᠡᠬᠦ ᠤᠬᠠᠭᠠᠨ ᠮᠡᠷᠭᠡᠵᠢᠯ ᠤᠨ ᠤᠨᠴᠠ ᠳᠤᠮᠢᠯᠠᠬᠳᠠᠬᠴᠢ ᠶᠢ ᠰᠤᠩᠭᠤᠨ ᠭᠡᠷᠡᠭᠯᠡᠬᠦ ᠠᠵᠢᠯ ᠢ ᠢᠳᠡᠪᠬᠢᠳᠡᠢ ᠦᠷᠨᠢᠬᠦᠯᠵᠤ᠂ ᠨᠡᠩ ᠤᠯᠠᠨ ᠰᠢᠨᠵᠢᠯᠡᠬᠦ ᠤᠬᠠᠭᠠᠨ | ᠮᠡᠷᠭᠡᠵᠢᠯ ᠤᠨ ᠴᠢᠳᠠᠪᠤᠷᠢᠳᠠᠨ ᠢ ᠤᠯᠠᠨ ᠠᠷᠭ᠎ᠠ ᠭᠡᠯᠪᠡᠷᠢ ᠪᠠᠷ ᠰᠢᠨᠵᠢᠯᠡᠬᠦ ᠤᠬᠠᠭᠠᠨ ᠮᠡᠷᠭᠡᠵᠢᠯ ᠤᠨ ᠰᠢᠨᠡᠴᠢᠯᠡᠯᠳᠡ ᠳᠤ ᠤᠷᠤᠯᠴᠠᠭᠤᠯᠵᠤ᠂ ᠰᠢᠨ᠎ᠠ ᠶᠢ ᠡᠬᠦᠳᠦᠭᠰᠡᠨ | ᠬᠦᠭᠵᠢᠯᠳᠡ ᠳᠤ ᠬᠦᠴᠤᠷᠭᠡᠭ ᠶᠡᠭᠡ ᠬᠠᠮᠳᠤᠷᠠᠯ ᠬᠦᠴᠤᠨ ᠢ ᠪᠦᠷᠢᠯᠳᠦᠬᠦᠯᠤᠨ᠎ᠠ᠃ | ᠳᠦᠯᠦᠭᠡᠯᠡᠭᠴᠢᠳ ᠡ᠂ ᠰᠢᠨ᠎ᠠ ᠶᠢ ᠡᠬᠦᠳᠬᠦ ᠪᠠᠷ ᠬᠦᠭᠵᠢᠯᠳᠡ ᠶᠢ ᠠᠬᠢᠭᠤᠯᠤᠨ᠂ ᠰᠢᠨᠵᠢᠯᠡᠬᠦ ᠤᠬᠠᠭᠠᠨ ᠮᠡᠷᠭᠡᠵᠢᠯ ᠢᠶᠠᠷ ᠢᠷᠡᠭᠡᠳᠤᠢ ᠳᠤ ᠵᠠᠮᠴᠢᠯᠠᠭᠤᠯᠵᠤ᠂ | ᠪᠢᠳᠠ ᠤᠯᠠᠨ ᠠᠴᠠ ᠤᠨᠴᠠᠭᠠᠢ ᠡᠬᠢ ᠪᠠᠶᠠᠯᠢᠭ ᠤᠨ ᠳᠠᠪᠠᠭᠤᠯᠢᠭ ᠪᠠ ᠯᠠᠪᠳᠠᠭᠤᠨ ᠪᠠᠳᠤᠳᠠᠢ ᠪᠦᠷᠢᠨ ᠳᠦᠬᠦᠷ ᠠᠵᠤ ᠤᠶᠢᠯᠡᠰ ᠤᠨ ᠰᠠᠭᠤᠷᠢᠨ ᠳᠠᠭᠠᠨ ᠳᠦᠰᠢᠭᠯᠡᠨ᠂ | ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠡᠬᠦᠳᠦᠯᠳᠡ ᠶᠢ ᠴᠢᠩᠭᠠᠳᠬᠠᠵᠤ᠂ ᠳᠡᠰ ᠳᠡᠪᠰᠢᠬᠦᠯᠵᠤ ᠭᠡᠯᠪᠡᠷᠢ ᠪᠠᠨ ᠬᠤᠪᠢᠷᠠᠭᠤᠯᠬᠤ ᠶᠢ ᠳᠦᠷᠭᠡᠳᠭᠡᠨ᠂ ᠡᠬᠢ | ᠪᠠᠶᠠᠯᠢᠭ ᠤᠨ ᠭᠡᠯᠪᠡᠷᠢᠳᠤ ᠭᠠᠵᠠᠷ ᠤᠷᠤᠨ ᠤ ᠴᠢᠨᠠᠷ ᠰᠠᠶᠢᠳᠠᠢ ᠬᠦᠭᠵᠢᠯᠳᠡ ᠶᠢᠨ ᠰᠢᠨ᠎ᠠ ᠵᠠᠮ ᠢᠶᠠᠷ ᠵᠠᠮᠨᠠᠨ᠎ᠠ︕ | ︵ᠭᠤᠷᠪᠠ︶ ᠬᠦᠳᠡᠭᠡ ᠳᠤᠰᠬᠤᠨ ᠢ ᠬᠦᠭᠵᠢᠬᠦᠯᠬᠦ ᠪᠠᠶᠢᠯᠳᠤᠬᠤ ᠪᠤᠳᠤᠯᠭ᠎ᠠ ᠶᠢ ᠬᠦᠨᠵᠡᠭᠡᠢ ᠭᠡᠷᠡᠭᠵᠢᠬᠦᠯᠤᠨ᠂ ᠬᠦᠳᠡᠭᠡ ᠳᠤᠰᠬᠤᠨ ᠤ ᠠᠷᠠᠳ ᠢᠷᠭᠡᠳ ᠤᠨ | ᠤᠷᠤᠰᠢᠨ ᠰᠠᠭᠤᠷᠢᠰᠢᠬᠤ ᠤᠷᠴᠢᠨ ᠳᠤᠭᠤᠷᠢᠨ ᠢ ᠵᠠᠰᠠᠨ ᠴᠡᠭᠴᠡᠯᠡᠬᠦ ᠶᠢ ᠴᠢᠩᠭᠠᠳᠬᠠᠵᠤ᠂ ᠮᠠᠯᠵᠢᠬᠤ ᠳᠠᠷᠢᠶᠠᠯᠠᠬᠤ ᠤᠷᠤᠨ ᠪᠠ ᠮᠠᠯ ᠳᠠᠷᠢᠶᠠᠯᠠᠩ ᠤᠨ | ᠤᠳᠤᠬᠢᠴᠢᠯᠠᠯᠳᠠ ᠶᠢ ᠠᠬᠢᠭᠤᠯᠤᠨ᠎ᠠ᠃ | ᠬᠦᠳᠡᠭᠡ ᠳᠤᠰᠬᠤᠨ ᠢ ᠬᠦᠭᠵᠢᠬᠦᠯᠬᠦ ᠨᠢᠭᠡ ᠪᠦᠯᠦᠭ ᠳᠦᠯᠦᠪᠵᠢᠬᠦᠯᠭᠡ ᠶᠢ ᠰᠢᠨᠵᠢᠯᠡᠬᠦ ᠤᠬᠠᠭᠠᠨᠴᠢ ᠪᠠᠷ ᠨᠠᠶᠢᠷᠠᠭᠤᠯᠤᠨ ᠳᠤᠬᠳᠠᠭᠠᠨ᠎ᠠ᠃ ᠳᠦᠯᠦᠪᠵᠢᠬᠦᠯᠭᠡ | ᠶᠢ ᠤᠷᠢᠳᠠᠪᠠᠷ ᠭᠡᠷᠡᠭᠵᠢᠬᠦᠯᠤᠨ᠂ ᠠᠷᠭ᠎ᠠ ᠪᠤᠳᠤᠯᠭ᠎ᠠ ᠶᠢ ᠤᠨᠤᠪᠴᠢᠳᠠᠢ ᠪᠠᠷ ᠶᠠᠪᠤᠬᠳᠠᠭᠤᠯᠬᠤ ᠶᠢ ᠪᠠᠷᠢᠮᠳᠠᠯᠠᠨ᠂ ᠳᠦᠯᠦᠪᠵᠢᠬᠦᠯᠭᠡ ᠪᠠᠷ ᠵᠢᠯᠤᠭᠤᠳᠤᠨ ᠳᠠᠭᠠᠭᠤᠯᠬᠤ | ᠶᠢ ᠬᠦᠳᠡᠭᠡ ᠳᠤᠰᠬᠤᠨ ᠢ ᠬᠦᠭᠵᠢᠬᠦᠯᠬᠦ ᠪᠠᠶᠢᠯᠳᠤᠬᠤ ᠪᠤᠳᠤᠯᠭ᠎ᠠ ᠶᠢ ᠭᠡᠷᠡᠭᠵᠢᠬᠦᠯᠬᠦ ᠴᠢᠬᠤᠯᠠ ᠪᠠᠳᠤᠯᠠᠭ᠎ᠠ ᠪᠤᠯᠭᠠᠨ᠎ᠠ᠃ ᠬᠦᠳᠡᠭᠡ ᠳᠤᠰᠬᠤᠨ ᠢ ᠬᠦᠭᠵᠢᠬᠦᠯᠬᠦ | ᠪᠠᠶᠢᠯᠳᠤᠬᠤ ᠪᠤᠳᠤᠯᠭ᠎ᠠ ᠶᠢᠨ ︽1+5 ︾ ᠶᠢᠨ ᠭᠡᠷᠡᠭᠵᠢᠬᠦᠯᠬᠦ ᠳᠦᠰᠤᠯ ᠪᠠ ᠬᠦᠳᠡᠭᠡ ᠳᠤᠰᠬᠤᠨ ᠤ ᠠᠷᠠᠳ ᠢᠷᠭᠡᠳ ᠤᠨ ᠤᠷᠤᠰᠢᠨ ᠰᠠᠭᠤᠷᠢᠰᠢᠬᠤ | ᠤᠷᠴᠢᠨ ᠳᠤᠭᠤᠷᠢᠨ ᠢ ᠵᠠᠰᠠᠨ ᠴᠡᠭᠴᠡᠯᠡᠬᠦ ᠳᠦᠰᠤᠯ ᠢ ᠳᠤᠬᠳᠠᠭᠠᠨ᠂ ᠡᠯ᠎ᠠ ᠳᠦᠷᠤᠯ ᠤᠨ ᠳᠠᠷᠢᠶᠠᠯᠠᠩ ᠲᠠᠢ ᠬᠤᠯᠪᠤᠬᠳᠠᠬᠰᠠᠨ ᠪᠡᠯᠡ ᠮᠦᠩᠬᠦ ᠶᠢ 2 ᠳ᠋ᠦᠩᠰᠢᠭᠤᠷ | ᠳᠦᠬᠦᠷᠢᠭ ᠳᠤᠬᠢᠷᠠᠭᠤᠯᠵᠤ ᠬᠦᠳᠡᠭᠡ ᠳᠤᠰᠬᠤᠨ ᠢ ᠬᠦᠭᠵᠢᠬᠦᠯᠬᠦ ᠪᠠᠶᠢᠯᠳᠤᠬᠤ ᠪᠤᠳᠤᠯᠭ᠎ᠠ ᠶᠢ ᠭᠡᠷᠡᠭᠵᠢᠬᠦᠯᠤᠨ᠎ᠠ᠃ ᠤᠯᠤᠰ ᠤᠨ ᠳᠠᠪᠤᠨ ᠶᠠᠮᠤᠨ ᠵᠦᠪᠯᠡᠯ ᠤᠨ ︽ | ᠠᠶᠢᠯ ᠳᠤᠰᠬᠤᠨ ᠤ ᠳᠦᠯᠦᠪᠵᠢᠬᠦᠯᠭᠡ ᠬᠢᠬᠦ ᠠᠵᠢᠯ ᠢ ᠨᠢᠭᠡᠳᠤᠯᠳᠡᠢ ᠳᠦᠯᠦᠪᠵᠢᠬᠦᠯᠤᠨ ᠠᠬᠢᠭᠤᠯᠬᠤ ᠳᠤᠬᠠᠢ ᠰᠠᠨᠠᠯ︾ ᠶᠤᠰᠤᠭᠠᠷ᠂ ᠭᠠᠵᠠᠷ ᠰᠢᠷᠤᠢ ᠶᠢ ᠨᠡᠭᠡᠭᠡᠨ | ᠠᠰᠢᠬᠯᠠᠬᠤ᠂ ᠠᠵᠤ ᠤᠶᠢᠯᠡᠰ ᠢ ᠬᠦᠭᠵᠢᠬᠦᠯᠬᠦ᠂ ᠰᠠᠭᠤᠭᠠᠯᠢ ᠠᠷᠠᠳ ᠤᠨ ᠴᠡᠭ ᠢ ᠳᠤᠬᠢᠷᠠᠭᠤᠯᠬᠤ᠂ ᠠᠷᠠᠳ ᠢᠷᠭᠡᠳ ᠤᠨ ᠤᠷᠤᠰᠢᠨ ᠰᠠᠭᠤᠷᠢᠰᠢᠬᠤ ᠤᠷᠴᠢᠨ | ᠳᠤᠭᠤᠷᠢᠨ ᠢ ᠵᠠᠰᠠᠨ ᠴᠡᠭᠴᠡᠯᠡᠬᠦ᠂ ᠠᠮᠢ ᠠᠬᠤᠢ ᠶᠢ ᠬᠠᠮᠠᠭᠠᠯᠠᠬᠤ ᠪᠠ ᠳᠡᠤᠭᠡ ᠰᠤᠶᠤᠯ ᠢ ᠵᠠᠯᠭᠠᠮᠵᠢᠯᠠᠬᠤ ᠶᠢ ᠵᠡᠷᠭᠡ ᠳᠤᠨᠢ ᠪᠤᠳᠤᠯᠬᠢᠯᠠᠨ᠂ ᠤᠯᠠᠨ ᠳᠦᠯᠦᠪᠵᠢᠬᠦᠯᠭᠡ | ᠶᠢ ᠨᠢᠭᠡᠳᠭᠡᠭᠰᠡᠨ ᠪᠤᠳᠠᠳᠠᠢ ᠭᠡᠷᠡᠭᠯᠡᠭᠡᠨ ᠤ ᠠᠶᠢᠯ ᠳᠤᠰᠬᠤᠨ ᠤ ᠳᠦᠯᠦᠪᠵᠢᠬᠦᠯᠭᠡ ᠶᠢ ᠨᠠᠶᠢᠷᠠᠭᠤᠯᠤᠨ ᠳᠤᠬᠳᠠᠭᠠᠵᠤ᠂ ᠬᠦᠳᠡᠭᠡ ᠳᠤᠰᠬᠤᠨ ᠢ ᠬᠦᠭᠵᠢᠬᠦᠯᠬᠦ ᠠᠤᠭ᠎ᠠ | ᠵᠢᠷᠤᠬᠯᠠᠯ ᠢ ᠰᠠᠶᠢᠬᠠᠨ ᠵᠢᠷᠤᠬᠯᠠᠬᠤ ᠶᠢ ᠪᠠᠳᠤᠯᠠᠨ᠎ᠠ᠃ ︽ᠳᠠᠪᠤᠨ ᠤᠳᠤᠨ ᠳᠡᠰ ᠤᠨ ᠪᠠᠷᠢᠮᠵᠢᠶᠠᠨ ᠳᠤ ᠬᠦᠷᠭᠡᠨ᠂ ᠤᠨᠴᠠᠯᠢᠭ ᠲᠠᠢ ᠪᠠᠷ ᠡᠬᠦᠳᠤᠨ ᠪᠠᠶᠢᠭᠤᠯᠬᠤ︾ | ᠱᠠᠭᠠᠷᠳᠠᠯᠭ᠎ᠠ ᠶᠢᠨ ᠳᠤᠭᠤᠷᠢᠨ ᠳᠤ᠂ ᠬᠤᠶᠢᠳᠤ ᠭᠡᠰᠡᠭ ᠤᠨ ᠬᠠᠳᠤᠨ ᠭᠤᠤᠯ ᠳᠠᠭᠠᠤ ᠤᠷᠤᠨ᠂ ᠪᠠᠢ ᠯᠢ ᠴᠠᠩ ᠴᠤᠸᠠᠨ᠂ ᠰᠢᠯᠢᠷᠭᠡᠭ ᠠᠭᠤᠯᠠ ᠳᠤᠪᠤᠴᠠᠭ ᠤᠷᠤᠨ | ᠳᠤ ᠬᠦᠳᠡᠭᠡ ᠳᠤᠰᠬᠤᠨ ᠢ ᠬᠦᠭᠵᠢᠬᠦᠯᠬᠦ ᠳᠠᠭᠤᠷᠢᠶᠠᠯ ᠦᠵᠡᠬᠦᠯᠬᠦ 3 ᠪᠦᠰᠡ 21 ᠳᠠᠭᠤᠷᠢᠶᠠᠯ ᠦᠵᠡᠬᠦᠯᠬᠦ ᠴᠡᠭ ᠤᠨ ᠪᠦᠳᠤᠭᠡᠨ ᠪᠠᠶᠢᠭᠤᠯᠤᠯᠳᠠ ᠶᠢ | ᠡᠬᠢᠯᠡᠬᠦᠯᠤᠨ᠎ᠠ᠃ ᠤᠯᠤᠰ ᠤᠨ ᠳᠦᠷᠦ ᠶᠢᠨ ᠪᠤᠳᠤᠯᠭ᠎ᠠ ᠶᠢᠨ ᠳᠡᠮᠵᠢᠯᠭᠡ᠂ ᠤᠯᠤᠰ ᠤᠨ ᠭᠠᠵᠠᠷ ᠰᠢᠷᠤᠢ ᠶᠢᠨ ᠤᠷᠤᠨ ᠵᠠᠢ ᠶᠢ ᠨᠡᠭᠡᠭᠡᠨ ᠠᠰᠢᠬᠯᠠᠬᠤ | ᠳᠦᠯᠦᠪᠵᠢᠬᠦᠯᠭᠡ᠂ ᠠᠵᠤ ᠤᠶᠢᠯᠡᠰ ᠤᠨ ᠬᠦᠭᠵᠢᠯᠳᠡ ᠶᠢᠨ ᠳᠦᠯᠦᠪᠵᠢᠬᠦᠯᠭᠡ ᠳᠤ ᠨᠡᠶᠢᠴᠡᠬᠦᠯᠦᠭᠰᠡᠨ ᠤ ᠰᠠᠭᠤᠷᠢᠨ ᠳᠡᠭᠡᠷ᠎ᠠ᠂ ᠳᠤᠷᠰᠢᠯᠳᠠ ᠶᠢᠨ ᠴᠡᠭ ᠤᠨ | ᠳᠤᠷᠰᠢᠯᠭ᠎ᠠ ᠶᠢ ᠳ᠋ᠦᠩᠨᠡᠨ ᠳᠡᠯᠭᠡᠷᠡᠬᠦᠯᠵᠤ᠂ ᠪᠦᠬᠦ ᠬᠤᠰᠢᠭᠤᠨ ᠤ 159 ᠭᠠᠴᠠᠭ᠎ᠠ ᠳᠤᠰᠬᠤᠨ ᠳᠤ ᠳᠦᠪᠯᠡᠷᠡᠬᠦᠯᠤᠨ ᠳᠡᠰᠵᠢᠬᠦᠯᠬᠦ᠂ ᠬᠤᠳᠠ ᠶᠢᠨ ᠳᠡᠬᠦᠷᠭᠡ ᠲᠠᠢ | ᠠᠭᠤᠰᠤᠯᠴᠠᠭᠤᠯᠬᠤ᠂ ᠤᠨᠴᠠᠯᠢᠭ ᠢ ᠬᠠᠮᠠᠭᠠᠯᠠᠬᠤ᠂ ᠨᠡᠬᠦᠯᠭᠡᠵᠤ ᠨᠡᠶᠢᠯᠡᠬᠦᠯᠬᠦ 4 ᠠᠩᠬᠢᠯᠠᠯ ᠢᠶᠠᠷ ᠪᠠᠶᠢᠷᠢ ᠶᠢ ᠤᠨᠤᠪᠴᠢᠳᠠᠢ ᠳᠤᠬᠳᠠᠭᠠᠨ᠂ ᠳᠤᠰᠬᠤᠨ ᠳᠤᠨᠢ | ᠳᠤᠬᠢᠷᠠᠭᠤᠯᠤᠨ ᠠᠷᠭ᠎ᠠ ᠪᠤᠳᠤᠯᠭ᠎ᠠ ᠶᠠᠪᠤᠭᠤᠯᠵᠤ᠂ ᠬᠦᠳᠡᠭᠡ ᠳᠤᠰᠬᠤᠨ ᠢ ᠬᠦᠭᠵᠢᠬᠦᠯᠬᠦ ᠳᠤ ᠴᠡᠭ ᠢᠶᠠᠷ ᠳᠠᠭᠤᠷᠢᠶᠠᠯ ᠦᠵᠡᠬᠦᠯᠤᠨ᠂ ᠱᠤᠭᠤᠮ ᠢᠶᠠᠷ ᠬᠤᠯᠪᠤᠵᠤ᠂ | ᠭᠡᠰᠡᠭ ᠭᠡᠰᠡᠭ ᠢᠶᠠᠷ ᠳᠡᠯᠭᠡᠷᠡᠬᠦᠯᠬᠦ ᠶᠢ ᠠᠬᠢᠭᠤᠯᠤᠨ᠎ᠠ᠃ | ᠮᠠᠯ ᠳᠠᠷᠢᠶᠠᠯᠠᠩ ᠤᠨ ᠴᠢᠨᠠᠷ ᠰᠠᠶᠢᠳᠠᠢ ᠬᠦᠭᠵᠢᠯᠳᠡ ᠶᠢ ᠪᠦᠬᠦ ᠬᠦᠴᠤᠨ ᠢᠶᠠᠷ ᠢᠶᠠᠨ ᠠᠬᠢᠭᠤᠯᠤᠨ᠎ᠠ᠃ ᠠᠵᠤ ᠤᠶᠢᠯᠡᠰ ᠤᠨ ᠬᠦᠭᠵᠢᠯᠳᠡ ᠶᠢᠨ ᠪᠠᠶᠢᠷᠢᠰᠢᠯ ᠢ | ᠴᠢᠷᠮᠠᠶᠢᠨ ᠰᠢᠯᠢᠳᠡᠭᠵᠢᠬᠦᠯᠵᠤ᠂ ︽ᠨᠢᠭᠡ ᠭᠤᠤᠯ ᠭᠤᠷᠪᠠᠨ ᠳᠠᠯ᠎ᠠ︾ ᠶᠢᠨ ᠮᠠᠯ ᠳᠠᠷᠢᠶᠠᠯᠠᠩ ᠤᠨ ᠶᠡᠷᠦᠩᠭᠡᠢ ᠳᠦᠯᠦᠪᠵᠢᠬᠦᠯᠭᠡ ᠶᠤᠰᠤᠭᠠᠷ᠂ ᠭᠤᠤᠯ ᠳᠠᠭᠠᠤ ᠤᠷᠤᠨ | ᠳᠤ ᠳᠤᠬᠢᠷᠠᠮᠵᠢᠳᠠᠢ ᠭᠡᠪᠴᠢᠶᠡᠨ ᠤ ᠳᠠᠷᠢᠮᠠᠯ ᠪᠠ ᠰᠤᠳᠤᠨ ᠳᠦᠬᠦᠭᠡᠷᠤᠮᠵᠢᠳᠤ ᠳᠠᠷᠢᠮᠠᠯ ᠢ ᠭᠤᠤᠯᠳᠠᠯᠭ᠎ᠠ ᠲᠠᠢ ᠬᠦᠭᠵᠢᠬᠦᠯᠤᠨ᠎ᠠ︔ ︽ᠭᠤᠷᠪᠠᠨ ᠳᠠᠯ᠎ᠠ︾ ᠳᠤ ᠳᠠᠯ᠎ᠠ | ᠭᠠᠵᠠᠷ ᠤᠨ ᠰᠠᠭᠤᠷᠢ ᠳᠦᠬᠦᠭᠡᠷᠤᠮᠵᠢ ᠶᠢᠨ ᠢᠵᠢ ᠪᠦᠷᠢᠳᠦᠯ ᠲᠠᠢ ᠤᠶᠠᠯᠳᠤᠭᠤᠯᠤᠨ ᠳᠠᠷᠢᠶᠠᠯᠠᠩ ᠵᠤᠭᠠᠴᠠᠯ ᠢ ᠠᠭᠤᠰᠤᠯᠴᠠᠭᠤᠯᠤᠬᠰᠠᠨ ᠠᠵᠤ ᠤᠶᠢᠯᠡᠰ ᠢ | ᠬᠦᠭᠵᠢᠬᠦᠯᠤᠨ᠎ᠠ︔ ᠳᠤᠮᠳᠠ ᠪᠠᠷᠠᠭᠤᠨ ᠡᠮᠤᠨᠡᠳᠤ ᠭᠡᠰᠡᠭ ᠤᠨ ᠰᠢᠯᠢᠷᠭᠡᠭ ᠠᠭᠤᠯᠠ ᠳᠤᠪᠤᠴᠠᠭ ᠤᠷᠤᠨ ᠳᠤ ᠳᠡᠭᠡᠳᠤ ᠳᠡᠰ ᠤᠨ ᠤᠷᠭᠠᠨᠢᠭ ᠡᠯᠳᠡᠪ ᠠᠮᠤ ᠶᠢᠨ | ᠤᠶᠢᠯᠡᠰ ᠢ ᠭᠤᠤᠯᠳᠠᠯᠭ᠎ᠠ ᠲᠠᠢ ᠬᠦᠭᠵᠢᠬᠦᠯᠤᠨ᠎ᠠ︔ ᠠᠮᠢ ᠠᠬᠤᠢ ᠶᠢᠨ ᠠᠶᠠᠨᠳᠠᠭᠠᠨ ᠰᠡᠷᠬᠦᠬᠦ ᠤᠷᠤᠨ ᠳᠤ ᠠᠮᠢ ᠠᠬᠤᠢ ᠶᠢᠨ ᠠᠵᠤ ᠤᠶᠢᠯᠡᠰ ᠪᠠ ᠤᠢ ᠮᠤᠳᠤ | ᠵᠢᠮᠢᠰᠤᠨ ᠠᠵᠤ ᠤᠶᠢᠯᠡᠰ ᠢ ᠪᠤᠶᠢᠵᠢᠭᠤᠯᠤᠨ᠂ ᠪᠤᠬᠢᠷᠳᠤᠯ ᠦᠭᠡᠢ᠂ ᠤᠷᠭᠠᠨᠢᠭ᠂ ᠬᠦᠨᠤᠭᠡᠯ ᠦᠭᠡᠢ ᠳᠠᠷᠢᠶᠠᠯᠠᠩ ᠤᠨ ᠪᠦᠳᠤᠭᠡᠭᠳᠡᠬᠦᠨ ᠤ ᠭᠡᠪᠴᠢᠶᠡᠵᠢᠯ ᠢ | ᠦᠷᠭᠡᠳᠭᠡᠨ᠂ ᠮᠢᠶᠤᠤ ᠵᠢᠶᠠ ᠳᠠᠨ ᠤ ᠪᠤᠬᠢᠷᠳᠤᠯ ᠦᠭᠡᠢ ᠢᠳᠡᠰᠢᠨ ᠨᠤᠭᠤᠭ᠎ᠠ᠂ ᠱᠢ ᠡᠯ ᠯᠢᠶᠠᠨ ᠴᠧᠩ ᠤᠨ ᠬᠤᠵᠢᠷ ᠲᠠᠢ ᠭᠠᠵᠠᠷ ᠤᠨ ᠤᠰᠤᠨ ᠳᠤᠳᠤᠷᠭ᠎ᠠ ᠵᠡᠷᠭᠡ | ᠳᠠᠷᠢᠶᠠᠯᠠᠩ ᠤᠨ ᠪᠦᠳᠤᠭᠡᠭᠳᠡᠬᠦᠨ ᠮᠠᠯ ᠤᠨ ᠠᠰᠢᠭ ᠰᠢᠮ᠎ᠠ ᠶᠢᠨ ᠶᠠᠰᠤ ᠴᠢᠨᠠᠷ ᠠᠮᠤᠷ ᠳᠦᠪᠰᠢᠨ ᠤ ᠮᠦᠷᠳᠡᠨ ᠨᠡᠭᠡᠮᠵᠢᠯᠡᠬᠦ ᠳᠤᠬᠳᠠᠯᠴᠠᠭ᠎ᠠ ᠶᠢ ᠳᠦᠷᠭᠡᠨ | ᠪᠠᠶᠢᠭᠤᠯᠤᠨ᠎ᠠ᠃ ᠡᠷᠳᠡᠨᠢ ᠰᠢᠰᠢ᠂ ᠬᠤᠵᠢᠷ ᠲᠠᠢ ᠭᠠᠵᠠᠷ ᠤᠨ ᠤᠰᠤᠨ ᠳᠤᠳᠤᠷᠭ᠎ᠠ ᠶᠢᠨ ᠳᠠᠷᠢᠮᠠᠯ ᠢ 45 ᠳᠦᠮᠡᠨ ᠮᠤ᠋ ᠠᠴᠠ ᠳᠡᠭᠡᠭᠰᠢ ᠳᠤᠬᠳᠠᠪᠤᠷᠢᠵᠢᠭᠤᠯᠤᠨ᠂ | ᠰᠢᠯᠢᠷᠭᠡᠭ ᠠᠭᠤᠯᠠ ᠳᠤᠪᠤᠴᠠᠭ ᠤᠷᠤᠨ ᠳᠤ ᠡᠯᠳᠡᠪ ᠠᠮᠤ ᠶᠢᠨ ᠳᠠᠷᠢᠮᠠᠯ ᠢ 15 ᠳᠦᠮᠡᠨ ᠮᠤ᠋ ᠠᠴᠠ ᠳᠠᠪᠠᠭᠤᠯᠵᠤ᠂ ᠮᠢᠬ᠎ᠠ ᠨᠤᠯᠤᠤᠷ ᠤᠨ ᠬᠤᠤᠰ ᠭᠡᠷᠡᠭᠴᠡᠭᠡᠳᠤ | ᠢᠮᠠᠭ᠎ᠠ ᠶᠢ 60 ᠳᠦᠮᠡ ᠳᠠᠪᠠᠭᠤᠯᠤᠨ᠂ ᠠᠭᠤᠯᠠᠷᠬᠠᠭ ᠤᠷᠤᠨ ᠤ ᠤᠢ ᠮᠤᠳᠤ ᠵᠢᠮᠢᠰ᠂ ᠳᠦᠬᠦᠭᠡᠷᠤᠮᠵᠢᠳᠤ ᠵᠢᠮᠢᠰ ᠢᠳᠡᠰᠢᠨ ᠨᠤᠭᠤᠭ᠎ᠠ ᠶᠢᠨ ᠳᠠᠷᠢᠮᠠᠯ ᠢ 2 | ᠳᠦᠮᠡᠨ ᠮᠤ᠋ ᠠᠴᠠ ᠳᠠᠪᠠᠭᠤᠯᠤᠨ᠎ᠠ᠃ ᠰᠤᠳᠤᠨ ᠨᠡᠷᠡᠳᠤ ᠪᠦᠳᠤᠭᠡᠭᠳᠡᠬᠦᠨ ᠢ ᠴᠢᠷᠮᠠᠶᠢᠨ ᠡᠬᠦᠳᠴᠤ᠂ ᠡᠯᠳᠡᠪ ᠠᠮᠤ᠂ ᠬᠤᠵᠢᠷ ᠲᠠᠢ ᠭᠠᠵᠠᠷ ᠤᠨ ᠳᠤᠳᠤᠷᠭ᠎ᠠ ᠵᠡᠷᠭᠡ | ᠨᠠᠷᠢᠯᠢᠭ ᠡᠳ᠋ᠰᠢᠬᠦᠯᠬᠦ ᠠᠵᠤ ᠠᠬᠤᠶᠢᠯᠠᠯ ᠢ ᠭᠤᠤᠯᠳᠠᠯᠭ᠎ᠠ ᠲᠠᠢ ᠳᠡᠮᠵᠢᠨ ᠪᠤᠵᠠᠭᠠᠶᠢᠷᠠᠭᠤᠯᠤᠨ ᠬᠦᠴᠦᠷᠭᠡᠭᠵᠢᠬᠦᠯᠵᠤ᠂ ︽ᠵᠡᠬᠦᠨᠭᠠᠷ︾ ᠭᠡᠬᠦ ᠭᠠᠵᠠᠷ ᠵᠦᠢ ᠶᠢᠨ | ᠳᠡᠮᠳᠡᠭ ᠢ ᠠᠮᠵᠢᠯᠳᠠ ᠲᠠᠢ ᠭᠤᠶᠤᠴᠢᠯᠠᠨ ᠮᠡᠳᠡᠬᠦᠯᠤᠨ᠎ᠠ᠃ ᠤᠯᠤᠰ ᠤᠨ ᠬᠦᠳᠡᠭᠡ ᠳᠤᠰᠬᠤᠨ ᠤ ᠠᠵᠤ ᠤᠶᠢᠯᠡᠰ ᠤᠨ ᠠᠭᠤᠰᠤᠯᠴᠠᠬᠰᠠᠨ ᠬᠦᠭᠵᠢᠯᠳᠡ ᠶᠢᠨ | ᠳᠤᠷᠰᠢᠯᠳᠡ ᠶᠢᠨ ᠴᠡᠭ ᠤᠨ ᠠᠵᠢᠯ ᠢ ᠴᠢᠷᠮᠠᠶᠢᠨ ᠠᠬᠢᠭᠤᠯᠵᠤ᠂ ︽ ᠳᠠᠷᠢᠮᠠᠯ ᠳᠡᠵᠢᠭᠡᠪᠤᠷᠢ ᠡᠳ᠋ᠰᠢᠬᠦᠯᠬᠦ᠂ ᠤᠶᠢᠯᠡᠳᠪᠤᠷᠢᠯᠡᠯ ᠬᠠᠩᠭᠠᠯᠭ᠎ᠠ ᠪᠤᠷᠤᠯᠠᠭᠤᠯᠭ᠎ᠠ︾ ᠶᠢᠨ | ᠤᠶᠢᠯᠡᠳᠪᠤᠷᠢᠯᠡᠯ ᠡᠵᠡᠩᠨᠡᠯᠳᠡ ᠶᠢᠨ ᠳᠤᠬᠳᠠᠯᠴᠠᠭ᠎ᠠ ᠶᠢ ᠪᠦᠷᠢᠨᠰᠢᠬᠦᠯᠤᠨ ᠳᠡᠬᠦᠯᠳᠡᠷᠵᠢᠬᠦᠯᠵᠤ᠂ ᠰᠢᠨ᠎ᠠ ᠮᠠᠶ᠋ᠢᠭ ᠤᠨ ᠮᠠᠯ ᠳᠠᠷᠢᠶᠠᠯᠠᠩ ᠤᠨ ᠡᠵᠡᠩᠨᠡᠯᠳᠡ ᠶᠢᠨ 40 | ᠭᠤᠤᠯ ᠴᠤᠬᠴᠠ ᠶᠢ ᠪᠤᠶᠢᠵᠢᠭᠤᠯᠤᠨ᠂ ᠦᠪᠡᠷᠳᠡᠭᠡᠨ ᠵᠠᠰᠠᠬᠤ ᠤᠷᠤᠨ ᠤ ᠳᠡᠰ ᠤᠨ ᠳᠤᠯᠤᠭᠠᠶᠢᠯᠠᠬᠤ ᠠᠵᠤ ᠠᠬᠤᠶᠢᠯᠠᠯ ᠢ 2᠂ ᠤᠯᠤᠰ ᠤᠨ ᠳᠡᠰ ᠤᠨ | ᠳᠤᠯᠤᠭᠠᠶᠢᠯᠠᠬᠤ ᠠᠵᠤ ᠠᠬᠤᠶᠢᠯᠠᠯ ᠢ 1 ᠰᠢᠨ᠎ᠠ ᠪᠠᠷ ᠭᠤᠶᠤᠴᠢᠯᠠᠨ ᠮᠡᠳᠡᠬᠦᠯᠵᠤ᠂ ᠭᠤᠤᠯ ᠳᠠᠭᠠᠤ ᠤᠷᠤᠨ ᠤ ᠨᠢᠭᠡ ᠬᠤᠶᠠᠷ ᠭᠤᠷᠪᠠᠳᠤᠭᠠᠷ ᠠᠵᠤ ᠤᠶᠢᠯᠡᠰ ᠢ | ᠠᠭᠤᠰᠤᠯᠴᠠᠭᠤᠯᠤᠬᠰᠠᠨ ᠳᠤᠷᠰᠢᠯᠳᠡ ᠶᠢᠨ ᠳᠠᠭᠤᠷᠢᠶᠠᠯ ᠦᠵᠡᠬᠦᠯᠬᠦ ᠤᠷᠤᠨ ᠢ ᠡᠬᠦᠳᠤᠨ ᠪᠠᠶᠢᠭᠤᠯᠬᠤ ᠪᠠᠷ ᠭᠤᠶᠤᠴᠢᠯᠠᠨ ᠮᠡᠳᠡᠬᠦᠯᠤᠨ᠎ᠠ᠃ | ᠦᠵᠡᠰᠬᠦᠯᠡᠩᠳᠤ ᠰᠠᠶᠢᠬᠠᠨ ᠤᠷᠤᠰᠢᠨ ᠰᠠᠭᠤᠷᠢᠰᠢᠬᠤ ᠳᠤ ᠳᠠᠭᠠᠯᠠᠮᠵᠢᠳᠠᠢ ᠬᠦᠳᠡᠭᠡ ᠳᠤᠰᠬᠤᠨ ᠤ ᠪᠦᠳᠤᠭᠡᠨ ᠪᠠᠶᠢᠭᠤᠯᠤᠯᠳᠠ ᠶᠢ ᠠᠬᠢᠭᠤᠯᠤᠨ᠎ᠠ᠃ ᠬᠦᠳᠡᠭᠡ | ᠳᠤᠰᠬᠤᠨ ᠤ ᠠᠷᠠᠳ ᠢᠷᠭᠡᠳ ᠤᠨ ᠤᠷᠤᠰᠢᠨ ᠰᠠᠭᠤᠷᠢᠰᠢᠬᠤ ᠤᠷᠴᠢᠨ ᠳᠤᠭᠤᠷᠢᠨ ᠢ ᠵᠠᠰᠠᠨ ᠴᠡᠭᠴᠡᠯᠡᠬᠦ ᠭᠤᠷᠪᠠᠨ ᠵᠢᠯ ᠤᠨ ᠠᠵᠢᠯᠯᠠᠭ᠎ᠠ ᠶᠢ ᠬᠦᠨᠵᠡᠭᠡᠢ | ᠦᠷᠨᠢᠬᠦᠯᠵᠤ᠂ ᠳᠠᠷᠢᠶᠠᠴᠢᠳ ᠢᠶᠠᠷ ᠭᠤᠤᠯ ᠴᠤᠬᠴᠠ ᠪᠤᠯᠭᠠᠬᠰᠠᠨ᠂ ᠵᠠᠰᠠᠭ ᠤᠨ ᠤᠷᠳᠤᠨ ᠭᠤᠤᠯᠯᠠᠨ ᠳᠠᠭᠠᠭᠤᠯᠤᠬᠰᠠᠨ᠂ ᠶᠡᠷᠦᠩᠭᠡᠶᠢᠯᠡᠨ ᠬᠠᠤᠯᠢ | ᠭᠡᠷᠡᠭᠵᠢᠬᠦᠯᠦᠭᠰᠡᠨ᠂ ᠠᠵᠤ ᠠᠬᠤᠶᠢᠯᠠᠯ ᠢ ᠡᠷᠬᠢᠯᠳᠦᠬᠦᠯᠤᠨ ᠡᠵᠡᠩᠨᠡᠭᠰᠡᠨ ᠠᠷᠠᠳᠢᠷᠭᠡᠳ ᠤᠨ ᠤᠷᠤᠰᠢᠨ ᠰᠠᠭᠤᠷᠢᠰᠢᠬᠤ ᠤᠷᠴᠢᠨ ᠳᠤᠭᠤᠷᠢᠨ ᠢ ᠵᠠᠰᠠᠨ ᠴᠡᠭᠴᠡᠯᠡᠬᠦ | ᠳᠠᠭᠠᠭᠠᠮᠠᠭᠠᠢ ᠳᠤᠬᠳᠠᠴᠠ ᠶᠢ ᠪᠠᠶᠢᠭᠤᠯᠤᠨ ᠳᠡᠬᠦᠯᠳᠡᠷᠵᠢᠬᠦᠯᠤᠨ᠎ᠠ᠃ ᠠᠮᠢᠳᠤᠷᠠᠯ ᠤᠨ ᠬᠤᠭ ᠨᠤᠪᠰᠢ ᠶᠢ ᠰᠢᠢᠳᠪᠤᠷᠢᠯᠡᠬᠦ᠂ ᠠᠮᠢᠳᠤᠷᠠᠯ ᠤᠨ ᠪᠤᠬᠢᠷ ᠤᠰᠤ ᠶᠢ ᠵᠠᠰᠠᠨ | ᠴᠡᠭᠴᠡᠯᠡᠬᠦ᠂ ︽ᠵᠤᠷᠯᠤᠩ ᠤᠨ ᠬᠤᠪᠢᠰᠬᠠᠯ︾᠂ ᠳᠤᠰᠬᠤᠨ ᠤ ᠳᠦᠷᠰᠤ ᠪᠠᠶᠢᠳᠠᠯ ᠢ ᠰᠠᠶᠢᠵᠢᠷᠠᠭᠤᠯᠬᠤ ᠪᠠ ᠮᠠᠯ ᠳᠠᠷᠢᠶᠠᠯᠠᠩ ᠤᠨ ᠬᠠᠶᠠᠬᠳᠠᠮᠠᠯ ᠪᠤᠳᠠᠰ ᠢ ᠡᠬᠢ | ᠪᠠᠶᠠᠯᠢᠬᠵᠢᠭᠤᠯᠤᠨ ᠠᠰᠢᠬᠯᠠᠬᠤ ᠳᠠᠪᠤᠨ ᠵᠤᠶᠢᠯ ᠤᠨ ᠭᠤᠤᠯᠳᠠᠯᠭ᠎ᠠ ᠲᠠᠢ ᠠᠵᠢᠯ ᠢ ᠬᠦᠨᠵᠡᠭᠡᠢ ᠠᠬᠢᠭᠤᠯᠵᠤ᠂ ︽ᠡᠷᠤᠭᠡ ᠪᠠᠷ ᠬᠤᠷᠢᠶᠠᠨ ᠴᠤᠬᠯᠠᠭᠤᠯᠵᠤ ᠡᠷᠤᠭᠡ ᠪᠠᠷ | ᠪᠠᠭᠤᠷᠠᠭᠤᠯᠬᠤ᠂ ᠬᠤᠷᠰᠢᠶ᠎ᠠ ᠪᠠᠷ ᠳᠦᠪᠯᠡᠷᠡᠬᠦᠯᠤᠨ ᠬᠤᠷᠰᠢᠶ᠎ᠠ ᠪᠠᠷ ᠬᠠᠮᠢᠶᠠᠷᠤᠭᠤᠯᠬᠤ᠂ ᠳᠤᠰᠬᠤᠨ ᠢᠶᠠᠷ ᠬᠠᠷᠢᠭᠤᠴᠠᠭᠤᠯᠤᠨ ᠳᠤᠰᠬᠤᠨ ᠢᠶᠠᠷ ᠵᠦᠭᠡᠭᠡᠪᠤᠷᠢᠯᠡᠵᠤ | ᠬᠦᠷᠭᠡᠬᠦ᠂ ᠪᠠᠯᠭᠠᠰᠤ ᠪᠠᠷ ᠰᠢᠯᠵᠢᠬᠦᠯᠤᠨ ᠵᠦᠭᠡᠭᠡᠪᠤᠷᠢᠯᠡᠵᠤ ᠪᠠᠯᠭᠠᠰᠤ ᠪᠠᠷ ᠪᠠᠳᠤᠯᠠᠬᠤ᠂ ᠬᠤᠰᠢᠭᠤ ᠪᠠᠷ ᠰᠢᠢᠳᠪᠤᠷᠢᠯᠡᠬᠦᠯᠤᠨ ᠬᠤᠰᠢᠭᠤ ᠪᠠᠷ ᠨᠢᠭᠡᠳᠤᠯᠳᠡᠢ | ᠳᠦᠯᠦᠪᠵᠢᠬᠦᠯᠬᠦ︾ ᠬᠤᠭ ᠨᠤᠪᠰᠢ ᠶᠢ ᠬᠤᠷᠢᠶᠠᠵᠤ ᠵᠦᠭᠡᠭᠡᠪᠤᠷᠢᠯᠡᠨ ᠰᠢᠢᠳᠪᠤᠷᠢᠯᠡᠬᠦ ᠵᠠᠬᠪᠤᠷ ᠢ ᠭᠡᠷᠡᠭᠵᠢᠬᠦᠯᠵᠤ᠂ ᠱᠠᠩᠨᠠᠯ ᠢᠶᠠᠷ ᠨᠦᠬᠦᠪᠤᠷᠢ ᠶᠢ ᠤᠷᠤᠯᠠᠭᠤᠯᠬᠤ | ᠠᠷᠭ᠎ᠠ ᠭᠡᠯᠪᠡᠷᠢ ᠶᠢ ᠠᠪᠴᠤ 7000 ᠭᠠᠷᠤᠢ ᠡᠷᠤᠭᠡ ᠶᠢᠨ ᠵᠤᠷᠯᠤᠩ ᠢ ᠦᠭᠡᠷᠡᠴᠢᠯᠡᠨ᠂ ᠬᠤᠭ ᠨᠤᠪᠰᠢ ᠶᠢ ᠳᠠᠷᠤᠰᠢᠭᠤᠯᠤᠨ ᠰᠢᠯᠵᠢᠬᠦᠯᠬᠦ 10 ᠦᠷᠳᠡᠭᠡ᠂ | ᠪᠤᠬᠢᠷ ᠤᠰᠤ ᠶᠢ ᠰᠢᠢᠳᠪᠤᠷᠢᠯᠡᠬᠦ 5 ᠦᠷᠳᠡᠭᠡ ᠶᠢ ᠰᠢᠨ᠎ᠠ ᠪᠠᠷ ᠪᠠᠶᠢᠭᠤᠯᠤᠨ᠎ᠠ᠃ ︽ᠳᠦᠷᠪᠡᠨ ᠰᠠᠶᠢᠨ ᠬᠦᠳᠡᠭᠡ ᠳᠤᠰᠬᠤᠨ ᠤ ᠵᠠᠮ︾ ᠤᠨ ᠪᠦᠳᠤᠭᠡᠨ | ᠪᠠᠶᠢᠭᠤᠯᠤᠯᠳᠠ ᠶᠢᠨ ᠦᠷ᠎ᠠ ᠪᠦᠳᠤᠮᠵᠢ ᠶᠢ ᠦᠷᠬᠦᠯᠵᠢᠯᠡᠨ ᠪᠠᠳᠤᠳᠬᠠᠨ᠂ ᠠᠮᠤᠷ ᠳᠦᠪᠰᠢᠨ ᠤᠤᠭᠤᠬᠤ ᠤᠰᠤ᠂ ᠳᠠᠷᠢᠶᠠᠯᠠᠩ ᠤᠨ ᠴᠠᠬᠢᠯᠭᠠᠨ ᠤ | ᠳᠤᠤᠷᠵᠢᠭᠤᠯᠤᠯᠳᠠ ᠶᠢᠨ ᠪᠦᠳᠤᠭᠡᠨ ᠪᠠᠶᠢᠭᠤᠯᠤᠯᠳᠠ ᠵᠡᠷᠭᠡ ᠳᠦᠷᠤᠯ ᠵᠤᠶᠢᠯ ᠤᠨ ᠳᠡᠰᠵᠢᠵᠤ ᠦᠭᠡᠷᠡᠴᠢᠯᠡᠬᠦ ᠶᠢ ᠳᠦᠷᠭᠡᠨ ᠠᠬᠢᠭᠤᠯᠤᠨ᠎ᠠ᠃ ᠬᠦᠳᠡᠭᠡ ᠳᠤᠰᠬᠤᠨ ᠤ | ᠴᠢᠳᠠᠪᠤᠷᠢᠳᠠᠨ ᠤ ᠡᠩᠨᠡᠭᠡᠨ ᠤ ᠪᠠᠶᠢᠭᠤᠯᠤᠯᠳᠠ ᠶᠢ ᠴᠢᠩᠭᠠᠳᠬᠠᠨ᠂ ᠨᠢᠭᠡ ᠪᠦᠯᠦᠭ ᠢ ᠤᠷᠤᠭᠤᠯᠤᠨ ᠠᠪᠴᠢᠷᠠᠵᠤ᠂ ᠨᠢᠭᠡ ᠪᠦᠯᠦᠭ ᠢ ᠬᠦᠮᠤᠵᠢᠬᠦᠯᠤᠨ᠂ ᠨᠢᠭᠡ | ᠪᠦᠯᠦᠭ ᠳᠠᠷᠢᠶᠠᠯᠠᠩ ᠢ ᠮᠡᠳᠡᠳᠡᠭ᠂ ᠬᠦᠳᠡᠭᠡ ᠳᠤᠰᠬᠤᠨ ᠳᠤ ᠬᠠᠶᠢᠷᠠᠳᠠᠢ᠂ ᠳᠠᠷᠢᠶᠠᠴᠢᠳ ᠲᠤ ᠡᠭᠡᠯᠢᠳᠡᠢ ᠳᠠᠷᠢᠶᠠᠯᠠᠩ ᠳᠠᠷᠢᠶᠠᠯᠠᠬᠤ ᠤᠷᠤᠨ ᠳᠠᠷᠢᠶᠠᠴᠢᠨ ᠤ | ᠠᠵᠢᠯᠯᠠᠬᠤ ᠠᠩᠬᠢ ᠶᠢ ᠦᠯᠡᠳᠡᠭᠡᠨ᠎ᠠ᠃ ᠬᠦᠳᠡᠭᠡ ᠳᠤᠰᠬᠤᠨ ᠤ ᠦᠨᠳᠤᠰᠤᠨ ᠱᠠᠳᠤᠨ ᠤ ᠵᠤᠬᠢᠶᠠᠨ ᠪᠠᠶᠢᠭᠤᠯᠤᠯᠳᠠ ᠶᠢᠨ ᠪᠦᠳᠤᠭᠡᠨ ᠪᠠᠶᠢᠭᠤᠯᠤᠯᠳᠠ ᠶᠢ | ᠴᠢᠩᠭᠠᠳᠬᠠᠨ᠂ ᠰᠢᠨ᠎ᠠ ᠴᠠᠭ ᠦᠶ᠎ᠠ ᠶᠢᠨ ︽ᠹᠧᠩ ᠴᠢᠶᠤᠤ ᠶᠢᠨ ᠳᠤᠷᠰᠢᠯᠭ᠎ᠠ︾ ᠶᠢ ᠶᠡᠭᠡ ᠪᠠᠷ ᠰᠤᠷᠤᠯᠴᠠᠨ ᠳᠡᠯᠭᠡᠷᠡᠬᠦᠯᠵᠤ᠂ ᠳᠤᠰᠬᠤᠨ ᠤ ᠱᠠᠳᠤᠨ ᠤ ᠵᠤᠬᠢᠶᠠᠨ | ᠪᠠᠶᠢᠭᠤᠯᠤᠯᠳᠠ ᠶᠢᠨ ᠳᠦᠷᠢᠮᠵᠢᠬᠦᠯᠦᠭᠰᠡᠨ ᠭᠡᠪᠴᠢᠶᠡᠵᠢᠬᠦᠯᠦᠭᠰᠡᠨ ᠪᠦᠳᠤᠭᠡᠨ ᠪᠠᠶᠢᠭᠤᠯᠤᠯᠳᠠ ᠶᠢ ᠴᠢᠩᠭᠠᠳᠬᠠᠨ᠂ ᠳᠤᠰᠬᠤᠨ ᠳᠤ ᠳᠤᠬᠢᠷᠠᠬᠰᠠᠨ ᠳᠤᠰᠬᠤᠨ ᠤ | ᠳᠦᠷᠢᠮ ᠠᠷᠠᠳ ᠤᠨ ᠭᠡᠷ᠎ᠠ ᠶᠢ ᠳᠡᠬᠦᠯᠳᠡᠷᠵᠢᠬᠦᠯᠵᠤ᠂ ᠤᠯᠠᠨ ᠳᠦᠮᠡᠨ ᠤ ᠵᠠᠰᠠᠨ ᠴᠡᠭᠴᠡᠯᠡᠬᠦ ᠳᠤ ᠤᠷᠤᠯᠴᠠᠬᠤ ᠭᠤᠤᠯ ᠴᠤᠬᠴᠠ ᠶᠢᠨ ᠤᠶᠢᠯᠡᠳᠤᠯ ᠢ | ᠪᠠᠳᠠᠷᠠᠭᠤᠯᠤᠨ᠂ ᠬᠦᠳᠡᠭᠡ ᠳᠤᠰᠬᠤᠨ ᠤ ᠪᠤᠯᠪᠠᠰᠤᠨ ᠤ ᠬᠢᠷᠢ ᠳᠦᠪᠰᠢᠨ ᠢ ᠳᠠᠰᠤᠷᠠᠯᠳᠠ ᠦᠭᠡᠢ ᠳᠡᠭᠡᠭᠰᠢᠯᠡᠬᠦᠯᠵᠤ᠂ ᠬᠦᠳᠡᠭᠡ ᠳᠤᠰᠬᠤᠨ ᠳᠤ ᠠᠵᠤ ᠤᠶᠢᠯᠡᠰ ᠢ | ᠦᠯᠡᠳᠡᠭᠡᠨ᠂ ᠬᠦᠮᠤᠰ ᠢ ᠨᠤᠳᠤᠬᠰᠢᠭᠤᠯᠵᠤ᠂ ᠰᠡᠳᠬᠢᠯ ᠢ ᠬᠤᠷᠭᠤᠳᠠᠭᠤᠯᠵᠤ ᠳᠡᠶᠢᠯᠬᠦ ᠪᠤᠯᠭᠠᠨ᠎ᠠ᠃ | ᠳᠦᠯᠦᠭᠡᠯᠡᠭᠴᠢᠳ ᠡ᠂ ᠴᠢᠨᠡᠭᠡᠯᠢᠭ ᠨᠡᠶᠢᠭᠡᠮ ᠢ ᠪᠦᠬᠦ ᠳᠠᠯ᠎ᠠ ᠪᠠᠷ ᠪᠡᠶᠡᠯᠡᠬᠦᠯᠬᠦ ᠬᠠᠮᠤᠭ ᠤᠨ ᠬᠦᠨᠳᠤ ᠬᠠᠳᠠᠭᠤᠵᠢᠯᠳᠠᠢ ᠡᠬᠦᠷᠭᠡ ᠬᠦᠳᠡᠭᠡ ᠳᠤᠰᠬᠤᠨ ᠳᠤ ᠪᠤᠢ | ᠃ ᠪᠢᠳᠠ ᠨᠡᠩ ᠶᠡᠭᠡ ᠵᠤᠷᠢᠭ ᠰᠢᠭᠤᠳᠴᠤ᠂ ᠨᠡᠩ ᠬᠦᠴᠤᠳᠡᠢ ᠠᠷᠭ᠎ᠠ ᠭᠡᠮᠵᠢᠶ᠎ᠠ ᠠᠪᠴᠤ ᠪᠠᠶᠢᠭᠠᠳ ᠳᠠᠷᠢᠶᠠᠯᠠᠩ ᠤᠨ ᠪᠦᠬᠦ ᠳᠠᠯ᠎ᠠ ᠶᠢᠨ ᠳᠡᠰᠵᠢᠯᠳᠡ᠂ ᠬᠦᠳᠡᠭᠡ | ᠳᠤᠰᠬᠤᠨ ᠤ ᠪᠦᠬᠦ ᠳᠠᠯ᠎ᠠ ᠶᠢᠨ ᠳᠠᠪᠰᠢᠯᠳᠠ᠂ ᠳᠠᠷᠢᠶᠠᠴᠢᠳ ᠤᠨ ᠪᠦᠬᠦ ᠳᠠᠯ᠎ᠠ ᠶᠢᠨ ᠬᠦᠭᠵᠢᠯᠳᠡ ᠶᠢ ᠠᠬᠢᠭᠤᠯᠤᠨ᠂ ᠰᠢᠨ᠎ᠠ ᠴᠠᠭ ᠦᠶ᠎ᠠ ᠶᠢᠨ ᠵᠡᠬᠦᠨᠭᠠᠷ ᠤᠨ | ᠬᠦᠳᠡᠭᠡ ᠳᠤᠰᠬᠤᠨ ᠢ ᠬᠦᠭᠵᠢᠬᠦᠯᠬᠦ ᠰᠢᠨ᠎ᠠ ᠬᠠᠭᠤᠳᠠᠰᠤ ᠶᠢ ᠪᠢᠴᠢᠭᠯᠡᠶ᠎ᠠ ︕ | ︵ᠳᠦᠷᠪᠡ︶ ᠦᠭᠡᠷᠡᠴᠢᠯᠡᠯᠳᠡ ᠨᠡᠭᠡᠭᠡᠯᠳᠡ ᠶᠢ ᠪᠦᠬᠦ ᠳᠠᠯ᠎ᠠ ᠪᠠᠷ ᠬᠦᠨᠵᠡᠭᠡᠶᠢᠷᠡᠬᠦᠯᠤᠨ᠂ ᠠᠷᠠᠳ ᠠᠴᠠ ᠡᠵᠡᠩᠨ᠋ᠩᠰᠡᠨ ᠠᠵᠤ ᠠᠬᠤᠢ ᠶᠢᠨ ᠬᠦᠭᠵᠢᠯᠳᠡ ᠶᠢ | ᠳᠡᠮᠵᠢᠵᠤ᠂ ᠰᠢᠯᠢᠳᠡᠭ ᠮᠦᠷᠳᠡᠭᠡᠨ ᠳᠦᠬᠦᠮ ᠬᠤᠳᠠᠯᠳᠤᠭ᠎ᠠ ᠡᠷᠬᠢᠯᠡᠬᠦ ᠤᠷᠴᠢᠨ ᠳᠤᠭᠤᠷᠢᠨ ᠢ ᠡᠬᠦᠳᠤᠨ᠎ᠠ᠃ | ᠬᠤᠳᠠᠯᠳᠤᠭ᠎ᠠ ᠡᠷᠬᠢᠯᠡᠬᠦ ᠤᠷᠴᠢᠨ ᠳᠤᠭᠤᠷᠢᠨ ᠢ ᠪᠦᠬᠦ ᠳᠠᠯ᠎ᠠ ᠪᠠᠷ ᠰᠢᠯᠢᠳᠡᠭᠵᠢᠬᠦᠯᠤᠨ᠎ᠠ᠃ ︽ᠳᠠᠯᠪᠢᠬᠤ ᠬᠠᠮᠢᠶᠠᠷᠬᠤ ᠤᠶᠢᠯᠡᠴᠢᠯᠡᠬᠦ︾ ᠦᠭᠡᠷᠡᠴᠢᠯᠡᠯᠳᠡ ᠶᠢ | ᠦᠷᠬᠦᠯᠵᠢᠯᠡᠨ ᠬᠦᠨᠵᠡᠭᠡᠶᠢᠷᠡᠬᠦᠯᠵᠤ᠂ ︽ ᠨᠢᠭᠡ ᠰᠦᠯᠵᠢᠶ᠎ᠠ᠂ ᠨᠢᠭᠡ ᠡᠬᠦᠳᠡ᠂ ᠨᠢᠭᠡ ᠤᠳᠠᠭ᠎ᠠ︾ ᠶᠢᠨ ᠰᠢᠯᠢᠳᠡᠭ ᠦᠨᠳᠤᠷ ᠪᠦᠳᠤᠮᠵᠢᠳᠤ ᠵᠠᠰᠠᠭ ᠤᠨ ᠶᠠᠪᠤᠳᠠᠯ | ᠤᠨ ᠤᠶᠢᠯᠡᠴᠢᠯᠡᠭᠡᠨ ᠤ ᠳᠤᠬᠳᠠᠯᠴᠠᠭ᠎ᠠ ᠶᠢ ᠳᠦᠷᠭᠡᠨ ᠪᠠᠶᠢᠭᠤᠯᠵᠤ᠂ ᠪᠡᠯᠡ ᠤᠷᠤᠭᠤᠯᠵᠤ ᠪᠦᠳᠤᠭᠡᠨ ᠪᠠᠶᠢᠭᠤᠯᠬᠤ ᠳᠦᠷᠤᠯ ᠵᠤᠶᠢᠯ ᠢ ᠵᠡᠷᠭᠡ ᠳᠤᠨᠢ ᠬᠤᠯᠪᠤᠭᠠᠯᠠᠨ | ᠵᠦᠪᠰᠢᠶᠡᠷᠡᠬᠦ ᠶᠢ ᠠᠬᠢᠭᠤᠯᠤᠨ᠂ ᠵᠠᠬ᠎ᠠ ᠳᠡᠯᠭᠡᠬᠦᠷ ᠲᠤ ᠤᠷᠤᠬᠤ ᠨᠠᠵᠠᠭᠠᠢ ᠳᠠᠯ᠎ᠠ ᠶᠢᠨ ᠨᠠᠷᠢᠨ ᠳᠠᠩᠰᠠ ᠶᠢᠨ ᠳᠦᠷᠢᠮ ᠢ ᠭᠡᠷᠡᠭᠵᠢᠬᠦᠯᠵᠤ᠂ ᠡᠯ᠎ᠠ ᠵᠤᠶᠢᠯ ᠤᠨ ᠵᠦᠢ | ᠵᠤᠬᠢᠰ ᠦᠭᠡᠢ ᠬᠢᠵᠠᠭᠠᠷᠯᠠᠯ ᠪᠠ ᠳᠠᠯᠳᠠ ᠴᠢᠨᠠᠷᠳᠠᠢ ᠬᠠᠷᠰᠢ ᠰᠠᠭᠠᠳ ᠢ ᠠᠷᠢᠯᠭᠠᠨ᠎ᠠ᠃ ᠬᠤᠳᠠᠯᠳᠤᠭᠠᠨ ᠤ ᠶᠠᠪᠤᠳᠠᠯ ᠤᠨ ᠳᠦᠷᠢᠮ ᠤᠨ ᠦᠭᠡᠷᠡᠴᠢᠯᠡᠯᠳᠡ ᠶᠢ | ᠦᠷᠬᠦᠯᠵᠢᠯᠡᠨ ᠬᠦᠨᠵᠡᠭᠡᠶᠢᠷᠡᠬᠦᠯᠵᠤ᠂ ︽ᠦᠨᠡᠮᠯᠡᠯ ᠪᠠ ᠭᠡᠷᠡᠴᠢ ᠶᠢ ᠰᠠᠯᠭᠠᠬᠤ︾ ᠦᠭᠡᠷᠡᠴᠢᠯᠡᠯᠳᠡ ᠶᠢᠨ ᠤᠴᠢᠷ ᠶᠠᠪᠤᠳᠠᠯ ᠤᠨ ᠨᠠᠷᠢᠨ ᠳᠠᠩᠰᠠ ᠶᠢ ᠡᠮᠬᠢᠯᠡᠨ | ᠨᠡᠶᠢᠳᠡᠯᠡᠵᠤ᠂ ︽ᠤᠷᠤᠬᠤ ᠶᠢ ᠵᠦᠪᠰᠢᠶᠡᠷᠡᠭᠰᠡᠨ ᠴᠦ ᠡᠵᠡᠩᠨᠡᠯᠳᠡ ᠬᠢᠬᠦ ᠶᠢ ᠦᠯᠦ ᠵᠦᠪᠰᠢᠶᠡᠷᠡᠬᠦ︾ ᠠᠰᠠᠭᠤᠳᠠᠯ ᠢ ᠴᠢᠨᠠᠬᠰᠢᠳᠠ ᠰᠢᠢᠳᠪᠤᠷᠢᠯᠡᠨ᠎ᠠ᠃ ᠬᠤᠰᠢᠭᠤ | ᠳᠤᠭᠤᠷᠢᠭ ᠠᠯᠤᠰᠯᠠᠬᠰᠠᠨ᠂ ᠠᠵᠢᠯ ᠳᠦᠷᠤᠯ ᠠᠯᠤᠰᠯᠠᠬᠰᠠᠨ ᠢᠳᠡᠭᠡᠮᠵᠢ ᠶᠢᠨ ᠬᠤᠯᠪᠤᠭᠠᠯᠠᠨ ᠱᠠᠩᠨᠠᠵᠤ ᠳᠤᠷᠭᠠᠬᠤ ᠳᠤᠬᠳᠠᠴᠠ ᠶᠢ ᠰᠠᠨᠠᠭᠠᠴᠢᠯᠠᠭ᠎ᠠ ᠲᠠᠢ ᠪᠠᠷ | ᠠᠪᠴᠠᠯᠳᠤᠭᠤᠯᠤᠨ᠂ ᠢᠳᠡᠭᠡᠮᠵᠢ ᠶᠢᠨ ᠤᠷᠴᠢᠨ ᠳᠤᠭᠤᠷᠢᠨ ᠢ ᠰᠢᠯᠢᠳᠡᠭᠵᠢᠬᠦᠯᠤᠨ᠎ᠠ᠃ ᠵᠠᠰᠠᠭ ᠤᠨ ᠤᠷᠳᠤᠨ ᠤ ᠴᠢᠳᠠᠪᠬᠢ ᠶᠢ ᠪᠦᠬᠦ ᠳᠠᠯ᠎ᠠ ᠪᠠᠷ ᠬᠤᠪᠢᠷᠠᠭᠤᠯᠤᠨ᠂ | ᠤᠯᠤᠰ ᠤᠨ ᠭᠠᠶᠢᠯᠢ ᠶᠢ ᠬᠦᠩᠭᠡᠷᠡᠬᠦᠯᠤᠨ ᠰᠤᠶᠢᠳᠭᠡᠯ ᠢ ᠪᠠᠭᠠᠰᠬᠠᠬᠤ ᠳᠦᠷᠦ ᠶᠢᠨ ᠪᠤᠳᠤᠯᠭ᠎ᠠ ᠶᠢ ᠰᠠᠶᠢᠳᠤᠷ ᠠᠰᠢᠬᠯᠠᠨ᠂ ᠮᠠᠨ ᠤ ᠬᠤᠰᠢᠭᠤ ᠪᠠᠨ ᠴᠢᠳᠠᠪᠤᠷᠢᠳᠠᠨ᠂ | ᠳᠦᠷᠤᠯ ᠵᠤᠶᠢᠯ᠂ ᠪᠡᠯᠡ ᠮᠦᠩᠬᠦ ᠳᠠᠳᠠᠨ ᠠᠪᠴᠢᠷᠠᠬᠤ ᠭᠡᠰᠢᠭᠳᠦ ᠤᠷᠤᠨ ᠪᠤᠯᠭᠠᠨ᠎ᠠ᠃ | ᠭᠤᠤᠯᠳᠠᠯᠭ᠎ᠠ ᠲᠠᠢ ᠬᠦᠷᠢᠶ᠎ᠡ ᠴᠠᠷᠠᠭ᠎ᠠ ᠶᠢᠨ ᠦᠭᠡᠷᠡᠴᠢᠯᠡᠯᠳᠡ ᠶᠢ ᠨᠡᠮᠡᠭᠳᠡᠬᠦᠯᠤᠨ᠎ᠠ᠃ ᠬᠠᠩᠭᠠᠯᠭ᠎ᠠ ᠶᠢᠨ ᠳᠠᠯ᠎ᠠ ᠶᠢᠨ ᠪᠦᠳᠤᠴᠡ ᠶᠢᠨ ᠴᠢᠨᠠᠷᠳᠠᠢ | ᠦᠭᠡᠷᠡᠴᠢᠯᠡᠯᠳᠡ ᠶᠢ ᠦᠷᠬᠦᠯᠵᠢᠯᠡᠨ ᠬᠦᠨᠵᠡᠭᠡᠶᠢᠷᠡᠬᠦᠯᠵᠤ᠂ ︽ᠪᠠᠬᠢᠵᠢᠬᠦᠯᠬᠦ᠂ ᠴᠢᠩᠭᠠᠳᠬᠠᠬᠤ᠂ ᠳᠡᠭᠡᠭᠰᠢᠯᠡᠬᠦᠯᠬᠦ᠂ ᠨᠡᠪᠳᠡᠷᠡᠬᠦᠯᠬᠦ︾ ᠳᠡᠭᠡᠷ᠎ᠠ ᠬᠦᠴᠤ ᠳᠠᠯᠪᠢᠨ᠎ᠠ᠃ | ᠴᠠᠬᠢᠯᠭᠠᠨ ᠬᠦᠴᠤᠨ ᠤ ᠤᠯᠠᠨ ᠳᠠᠯᠠᠳᠤ ᠠᠷᠠᠯᠵᠢᠶ᠎ᠠ ᠬᠢᠬᠦ ᠪᠠ ᠳᠤᠮᠤ ᠭᠡᠷᠡᠭᠯᠡᠭᠡᠨ ᠤ ᠡᠷᠤᠭᠡ ᠳᠤ ᠰᠢᠭᠤᠳ ᠴᠠᠬᠢᠯᠭᠠᠨ ᠬᠠᠩᠭᠠᠬᠤ ᠶᠢ ᠦᠷᠬᠦᠯᠵᠢᠯᠡᠨ ᠠᠬᠢᠭᠤᠯᠵᠤ᠂ | ᠪᠤᠳᠠᠳᠤ ᠴᠤᠭᠴᠠ ᠶᠢᠨ ᠠᠵᠤ ᠠᠬᠤᠢ ᠶᠢᠨ ᠦᠪᠡᠷ ᠤᠨᠦᠷᠳᠡᠭ ᠢ ᠪᠠᠭᠤᠷᠠᠭᠤᠯᠤᠨ᠎ᠠ᠃ ᠮᠠᠯᠵᠢᠬᠤ ᠳᠠᠷᠢᠶᠠᠯᠠᠬᠤ ᠤᠷᠤᠨ ᠤ ᠶᠡᠷᠦᠩᠭᠡᠶᠢᠯᠡᠭᠰᠡᠨ ᠦᠭᠡᠷᠡᠴᠢᠯᠡᠯᠳᠡ ᠶᠢ | ᠬᠦᠨᠵᠡᠭᠡᠶᠢᠷᠡᠬᠦᠯᠤᠨ᠂ ᠭᠠᠵᠠᠷ ᠰᠢᠷᠤᠢ ᠨᠤᠳᠤᠭ ᠪᠡᠯᠴᠢᠭᠡᠷ ᠤᠨ ᠦᠮᠴᠢᠯᠡᠯ ᠤᠨ ᠡᠷᠭᠡ᠂ ᠳᠠᠭᠠᠭᠠᠴᠢᠯᠠᠯᠳᠠ ᠶᠢᠨ ᠡᠷᠭᠡ᠂ ᠡᠵᠡᠩᠨᠡᠯᠳᠡ ᠶᠢᠨ ᠡᠷᠭᠡ ︽ᠭᠤᠷᠪᠠᠨ ᠡᠷᠭᠡ | ᠶᠢ ᠰᠠᠯᠭᠠᠬᠤ︾ ᠶᠢ ᠠᠬᠢᠭᠤᠯᠵᠤ᠂ ᠬᠦᠳᠡᠭᠡ ᠳᠤᠰᠬᠤᠨ ᠤ ᠡᠬᠢ ᠪᠠᠶᠠᠯᠢᠭ ᠢ ᠡᠳ᠋ ᠬᠦᠷᠦᠩᠭᠡ ᠪᠤᠯᠭᠠᠬᠤ᠂ ᠪᠡᠯᠡ ᠮᠦᠩᠬᠦ ᠶᠢ ᠬᠤᠪᠢᠴᠠᠭ᠎ᠠ ᠮᠦᠩᠬᠦ ᠪᠤᠯᠭᠠᠬᠤ᠂ | ᠳᠠᠷᠢᠶᠠᠴᠢᠳ ᠢ ᠬᠤᠪᠢᠴᠠᠭ᠎ᠠ ᠡᠵᠡᠮᠰᠢᠭᠴᠢ ᠪᠤᠯᠭᠠᠬᠤ ︽ᠭᠤᠷᠪᠠᠨ ᠬᠤᠪᠢᠷᠠᠯᠳᠠ︾ ᠶᠢ ᠠᠬᠢᠭᠤᠯᠤᠨ᠂ ᠬᠠᠮᠳᠤ ᠶᠢᠨ ᠡᠳ᠋ ᠬᠦᠷᠦᠩᠭᠡ ᠶᠢ ᠳᠤᠳᠤᠯᠠᠨ ᠪᠡᠯᠡ ᠮᠦᠩᠬᠦ | ᠶᠢ ᠬᠠᠷᠭᠤᠭᠤᠯᠬᠤ ᠪᠠ ᠬᠤᠪᠢ ᠡᠵᠡᠮᠰᠢᠯ ᠢ ᠳᠤᠭᠠᠵᠢᠭᠤᠯᠬᠤ ᠶᠢ ᠪᠦᠬᠦ ᠳᠠᠯ᠎ᠠ ᠪᠠᠷ ᠳᠡᠯᠭᠡᠷᠡᠬᠦᠯᠤᠨᠠ᠃ ᠶᠡᠷᠦᠩᠭᠡᠶᠢᠯᠡᠭᠰᠡᠨ ᠵᠠᠰᠠᠭ ᠵᠠᠬᠢᠷᠭᠠᠨ ᠤ ᠬᠠᠤᠯᠢ | ᠭᠡᠷᠡᠭᠵᠢᠬᠦᠯᠬᠦ ᠳᠤᠬᠳᠠᠴᠠ ᠶᠢᠨ ᠦᠭᠡᠷᠡᠴᠢᠯᠡᠯᠳᠡ ᠶᠢ ᠦᠷᠬᠦᠯᠵᠢᠯᠡᠨ ᠬᠦᠨᠵᠡᠭᠡᠶᠢᠷᠡᠬᠦᠯᠵᠤ᠂ ᠬᠢᠨᠡᠨ ᠵᠦᠪᠰᠢᠶᠡᠷᠡᠬᠦ ᠪᠠ ᠬᠢᠨᠠᠨ ᠬᠠᠮᠢᠶᠠᠷᠬᠤ ᠳᠤᠮᠳᠠ ᠬᠠᠤᠯᠢ ᠪᠤᠰᠤ | ᠪᠠᠷ ᠭᠠᠵᠠᠷ ᠰᠢᠷᠤᠢ ᠭᠡᠷᠡᠭᠯᠡᠭᠰᠡᠨ ᠠᠰᠠᠭᠤᠳᠠᠯ ᠢ ᠬᠠᠯᠠᠨ ᠰᠠᠶᠢᠵᠢᠷᠠᠭᠤᠯᠬᠤ ᠳᠠᠯ᠎ᠠ ᠪᠠᠷ ᠬᠢ ᠠᠪᠴᠠᠯᠳᠤᠭᠤᠯᠬᠤ ᠳᠤᠬᠳᠠᠴᠠ ᠶᠢ ᠴᠢᠨᠠᠬᠰᠢᠳᠠ ᠰᠢᠯᠤᠭᠤᠳᠬᠠᠵᠤ᠂ | ᠨᠢᠭᠡ ᠴᠤᠬᠴᠠᠵᠢᠬᠰᠠᠨ ᠶᠡᠷᠦᠩᠭᠡᠶᠢᠯᠡᠨ ᠬᠠᠤᠯᠢ ᠭᠡᠷᠡᠭᠵᠢᠬᠦᠯᠬᠦ ᠪᠤᠳᠠᠳᠤ ᠪᠦᠳᠤᠮᠵᠢ ᠶᠢ ᠦᠨᠡᠨ ᠬᠦ ᠴᠢᠩᠭᠠᠳᠬᠠᠨ᠎ᠠ᠃ ᠡᠳ᠋ ᠤᠨ ᠵᠠᠰᠠᠭ ᠮᠦᠩᠬᠦᠨ ᠬᠦᠢᠯᠭᠡᠭᠡᠨ ᠤ | ᠦᠭᠡᠷᠡᠴᠢᠯᠡᠯᠳᠡ ᠶᠢ ᠬᠦᠨᠵᠡᠭᠡᠶᠢᠷᠡᠬᠦᠯᠤᠨ᠂ ᠳᠦᠰᠤᠪ ᠤᠨ ᠠᠵᠢᠯ ᠤᠨ ᠠᠮᠵᠢᠯᠳᠠ ᠶᠢᠨ ᠬᠠᠮᠢᠶᠠᠷᠤᠯᠳᠠ ᠶᠢ ᠪᠦᠬᠦ ᠳᠠᠯ᠎ᠠ ᠪᠠᠷ ᠭᠡᠷᠡᠭᠵᠢᠬᠦᠯᠵᠤ᠂ ᠡᠳ᠋ ᠤᠨ ᠵᠠᠰᠠᠭ | ᠤᠨ ᠬᠠᠳᠠᠭᠠᠯᠠᠮᠵᠢ ᠶᠢᠨ ᠪᠡᠯᠡ ᠮᠦᠩᠬᠦ ᠶᠢ ᠠᠮᠢᠳᠤᠯᠢᠬᠵᠢᠭᠤᠯᠤᠨ᠂ ᠡᠳ᠋ ᠤᠨ ᠵᠠᠰᠠᠭ ᠤᠨ ᠪᠡᠯᠡ ᠮᠦᠩᠬᠦᠨ ᠤ ᠭᠡᠷᠡᠭᠯᠡᠯᠳᠡ ᠶᠢᠨ ᠨᠤᠷᠮ᠎ᠠ ᠶᠢ ᠳᠡᠭᠡᠭᠰᠢᠯᠡᠬᠦᠯᠤᠨ᠎ᠠ᠃ | ᠤᠯᠤᠰ ᠤᠨ ᠡᠳ᠋ ᠬᠦᠷᠦᠩᠭᠡ ᠤᠯᠤᠰ ᠤᠨ ᠦᠮᠴᠢᠯᠡᠯᠳᠤ ᠠᠵᠤ ᠠᠬᠤᠶᠢᠯᠠᠯ ᠤᠨ ᠦᠭᠡᠷᠡᠴᠢᠯᠡᠯᠳᠡ ᠶᠢ ᠳᠦᠷᠭᠡᠳᠭᠡᠨ᠂ ᠵᠠᠰᠠᠭ ᠠᠵᠤ ᠠᠬᠤᠶᠢᠯᠠᠯ ᠢ ᠰᠠᠯᠭᠠᠬᠤ᠂ | ᠵᠠᠰᠠᠭ ᠪᠡᠯᠡ ᠮᠦᠩᠬᠦ ᠶᠢ ᠰᠠᠯᠭᠠᠬᠤ ᠵᠠᠷᠴᠢᠮ ᠶᠤᠰᠤᠭᠠᠷ᠂ ᠤᠯᠤᠰ ᠤᠨ ᠦᠮᠴᠢᠯᠡᠯᠳᠤ ᠠᠵᠤ ᠠᠬᠤᠶᠢᠯᠠᠯ ᠢ ᠰᠢᠯᠢᠳᠡᠭᠵᠢᠬᠦᠯᠤᠨ ᠳᠠᠬᠢᠨ ᠵᠤᠬᠢᠶᠠᠨ ᠪᠠᠶᠢᠭᠤᠯᠬᠤ ᠶᠢ | ᠠᠬᠢᠭᠤᠯᠤᠨ᠂ ᠬᠦᠭᠵᠢᠯᠳᠡ ᠶᠢᠨ ᠠᠮᠢᠵᠢᠷᠠᠯ ᠤᠨ ᠬᠦᠴᠤᠨ ᠢ ᠬᠦᠭᠵᠢᠭᠡᠵᠤ᠂ ᠤᠯᠤᠰ ᠤᠨ ᠡᠳ᠋ ᠬᠦᠷᠦᠩᠭᠡ ᠶᠢ ᠪᠤᠵᠠᠭᠠᠶᠢᠷᠠᠭᠤᠯᠤᠨ ᠰᠢᠯᠢᠳᠡᠭᠵᠢᠬᠦᠯᠤᠨ᠎ᠠ᠃ | ᠭᠠᠳᠠᠭᠠᠳᠤ ᠲᠠᠢ ᠴᠢᠯᠦᠭᠡᠳᠡᠢ ᠶᠠᠪᠤᠯᠴᠠᠬᠤ ᠶᠢ ᠯᠠᠪᠳᠠᠭᠤᠨ ᠢᠶᠠᠷ ᠦᠷᠭᠡᠳᠭᠡᠨ᠂ ᠬᠦᠬᠡᠬᠤᠳᠠ ᠪᠤᠭᠤᠳᠤ ᠤᠷᠳᠤᠰ ᠤᠨ ᠵᠤᠬᠢᠴᠠᠩᠭᠤᠢ ᠬᠦᠭᠵᠢᠯᠳᠡ ᠲᠠᠢ ᠪᠦᠬᠦ ᠳᠠᠯ᠎ᠠ | ᠪᠠᠷ ᠠᠭᠤᠰᠤᠯᠴᠠᠨ᠂ ︽ᠨᠢᠭᠡ ᠪᠦᠰᠡ ᠨᠢᠭᠡ ᠵᠠᠮ︾ ᠤᠨ ᠪᠦᠳᠤᠭᠡᠨ ᠪᠠᠶᠢᠭᠤᠯᠤᠯᠳᠠ ᠳᠤ ᠰᠠᠨᠠᠭᠠᠴᠢᠯᠠᠭ᠎ᠠ ᠲᠠᠢ ᠪᠠᠷ ᠠᠭᠤᠰᠤᠯᠴᠠᠵᠤ᠂ ᠪᠡᠭᠡᠵᠢᠩ ᠳᠢᠶᠠᠨᠵᠢᠨ | ᠾᠧᠪᠸᠢ᠂ ᠬᠦᠬᠡᠮᠦ᠋ᠷᠡᠨ ᠤ ᠭᠤᠷᠪᠠᠯᠵᠢᠨ ᠬᠤᠶᠢᠭ ᠵᠡᠷᠭᠡ ᠬᠦᠭᠵᠢᠭᠰᠡᠨ ᠭᠠᠵᠠᠷ ᠤᠷᠤᠨ ᠲᠠᠢ ᠨᠠᠷᠢᠯᠢᠬᠵᠢᠭᠤᠯᠤᠬᠰᠠᠨ ᠬᠢᠮᠢ ᠶᠢᠨ ᠠᠵᠤ ᠤᠶᠢᠯᠡᠳᠪᠤᠷᠢ᠂ ᠤᠷᠴᠢᠨ | ᠳᠤᠭᠤᠷᠢᠨ ᠤ ᠬᠠᠮᠠᠭᠠᠯᠠᠯᠳᠠ᠂ ᠭᠤᠤᠯᠢᠩ ᠰᠢᠷᠤᠢ ᠶᠢ ᠨᠠᠷᠢᠯᠢᠭ ᠪᠤᠯᠪᠠᠰᠤᠷᠠᠭᠤᠯᠬᠤ ᠵᠡᠷᠭᠡ ᠬᠦᠷᠢᠶ᠎ᠠ ᠴᠠᠷᠠᠭ᠎ᠠ ᠳᠠᠬᠢ ᠬᠦᠨᠵᠡᠭᠡᠢ ᠬᠠᠮᠵᠢᠯᠴᠠᠬᠤ ᠶᠢ ᠴᠢᠩᠭᠠᠳᠬᠠᠨ᠎ᠠ᠃ | ᠠᠷᠠᠳ ᠠᠴᠠ ᠡᠵᠡᠩᠨᠡᠭᠰᠡᠨ ᠠᠵᠤ ᠠᠬᠤᠢ ᠶᠢᠨ ᠬᠦᠭᠵᠢᠯᠳᠡ ᠶᠢ ᠠᠬᠢᠭᠤᠯᠤᠨ᠎ᠠ᠃ ᠤᠯᠤᠰ᠂ ᠦᠪᠡᠷᠳᠡᠭᠡᠨ ᠵᠠᠰᠠᠬᠤ ᠤᠷᠤᠨ ᠤ ᠠᠷᠠᠳ ᠠᠴᠠ ᠡᠵᠡᠩᠨᠡᠭᠰᠡᠨ | ᠠᠵᠤ ᠠᠬᠤᠢ ᠶᠢᠨ ᠬᠦᠭᠵᠢᠯᠳᠡ ᠶᠢ ᠠᠬᠢᠭᠤᠯᠬᠤ ᠳᠦᠷᠦ ᠶᠢᠨ ᠪᠤᠳᠤᠯᠭ᠎ᠠ ᠠᠷᠭ᠎ᠠ ᠭᠡᠮᠵᠢᠶ᠎ᠠ ᠶᠢ ᠴᠢᠩᠭ᠎ᠠ ᠨᠠᠶᠢᠳᠠᠪᠤᠷᠢᠵᠢᠭᠤᠯᠤᠨ᠂ ᠵᠠᠬ᠎ᠠ ᠳᠡᠯᠭᠡᠬᠦᠷ ᠲᠤ ᠤᠷᠤᠬᠤ ᠶᠢ | ᠠᠭᠤᠵᠢᠭᠤ ᠳᠠᠯᠪᠢᠵᠤ᠂ ᠡᠷᠭᠡ ᠳᠡᠭᠰᠢ ᠪᠠᠷ ᠦᠷᠢᠰᠦᠯᠳᠦᠬᠦ ᠤᠷᠴᠢᠨ ᠳᠤᠭᠤᠷᠢᠨ ᠢ ᠪᠦᠷᠢᠯᠳᠦᠬᠦᠯᠤᠨ᠎ᠠ᠃ ᠠᠵᠤ ᠠᠬᠤᠶᠢᠯᠠᠯ ᠢ ᠬᠠᠪᠰᠤᠷᠴᠤ ᠪᠠᠶᠢᠭᠠᠳ ᠪᠤᠳᠠᠳᠤ | ᠬᠦᠴᠢᠷᠳᠡᠯ ᠢ ᠨᠢ ᠰᠢᠢᠳᠪᠤᠷᠢᠯᠡᠨ ᠦᠭᠴᠤ᠂ ᠠᠵᠤ ᠠᠬᠤᠶᠢᠯᠠᠯ ᠤᠨ ᠪᠡᠯᠡ ᠤᠷᠤᠭᠤᠯᠬᠤ ᠳᠦᠷᠤᠯ ᠵᠤᠶᠢᠯ ᠤᠨ ᠢᠯᠡ ᠨᠡᠶᠢᠳᠡᠯᠡᠬᠦ ᠳᠠᠪᠴᠠᠩ ᠢ ᠪᠠᠶᠢᠭᠤᠯᠤᠨ᠂ | ᠪᠦᠳᠤᠴᠠ ᠨᠢ ᠤᠯᠠᠨ ᠡᠰᠢᠳᠤ᠂ ᠠᠷᠭ᠎ᠠ ᠵᠠᠮ ᠨᠢ ᠤᠯᠠᠨ ᠶᠠᠩᠵᠤ ᠶᠢᠨ ᠪᠡᠯᠡ ᠴᠤᠬᠯᠠᠭᠤᠯᠬᠤ ᠪᠠᠶᠢᠳᠠᠯ ᠢ ᠪᠤᠢ ᠪᠤᠯᠭᠠᠵᠤ᠂ ᠬᠤᠷᠢᠶᠠᠬᠤ ᠶᠤᠰᠤᠳᠠᠢ ᠵᠤᠭᠤᠰ | ᠠᠪᠴᠠᠭᠠᠨ ᠤ ᠡᠷᠭᠡ ᠶᠢ ᠭᠡᠷᠡᠴᠢ ᠪᠠᠷᠢᠮᠳᠠ ᠪᠠᠷ ᠰᠢᠯᠵᠢᠬᠦᠯᠬᠦ ᠶᠢ ᠰᠦᠪᠡᠭᠴᠢᠯᠡᠨ ᠭᠡᠷᠡᠭᠵᠢᠬᠦᠯᠵᠤ᠂ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠪᠡᠯᠡ | ᠴᠤᠬᠯᠠᠭᠤᠯᠬᠤ ᠳᠤ ᠬᠦᠴᠢᠷ᠂ ᠪᠡᠯᠡ ᠴᠤᠬᠯᠠᠭᠤᠯᠬᠤ ᠳᠤ ᠦᠨ᠎ᠠ ᠲᠠᠢ ᠪᠠᠶᠢᠭ᠎ᠠ ᠠᠰᠠᠭᠤᠳᠠᠯ ᠢ ᠨᠠᠮᠳᠠᠭᠤᠯᠵᠤ᠂ ᠱᠧᠩ ᠯᠢ ᠠᠷᠠᠳ ᠤᠨ ᠭᠡᠷᠡᠭᠯᠡᠭᠡᠨ ᠤ ᠳᠡᠯᠪᠡᠴᠡᠬᠦ | ᠺᠤᠮᠫᠠᠨᠢ ᠶᠢ ᠵᠠᠬ᠎ᠠ ᠳᠤ ᠤᠷᠤᠭᠤᠯᠬᠤ ᠪᠠᠷ ᠴᠢᠷᠮᠠᠶᠢᠨ᠂ ᠵᠢᠤ ᠲᠠᠢ ᠡᠨᠧᠷᠬᠢ ᠶᠢᠨ ᠺᠤᠮᠫᠠᠨᠢ ᠶᠢᠨ ᠵᠠᠬ᠎ᠠ ᠳᠤ ᠤᠷᠤᠬᠤ ᠪᠡᠯᠡᠳᠭᠡᠯ ᠠᠵᠢᠯ ᠢ ᠪᠡᠶᠡᠯᠡᠬᠦᠯᠤᠨ᠎ᠠ᠃ ᠵᠠᠰᠠᠭ | ᠤᠨ ᠤᠷᠳᠤᠨ ᠤ ᠰᠠᠯᠠᠭ᠎ᠠ ᠮᠦᠴᠢᠷ ᠪᠠ ᠤᠯᠤᠰ ᠤᠨ ᠦᠮᠴᠢᠯᠡᠯᠳᠤ ᠠᠵᠤ ᠠᠬᠤᠶᠢᠯᠠᠯ ᠤᠨ ᠠᠷᠠᠳᠡᠴᠠ ᠡᠵᠡᠩᠨᠡᠭᠰᠡᠨ ᠠᠵᠤ ᠠᠬᠤᠶᠢᠯᠠᠯ ᠳᠤ ᠦᠷᠢᠳᠦᠭᠰᠡᠨ | ᠠᠰᠠᠭᠤᠳᠠᠯ ᠢ ᠳᠤᠬᠢᠳᠠᠢ ᠰᠢᠢᠳᠪᠤᠷᠢᠯᠡᠵᠤ᠂ ᠠᠵᠤ ᠠᠬᠤᠶᠢᠯᠠᠯ ᠪᠠ ᠠᠵᠤ ᠠᠬᠤᠶᠢᠯᠠᠯᠳᠠᠨ ᠤ ᠬᠠᠤᠯᠢ ᠶᠤᠰᠤᠨ ᠤ ᠡᠷᠭᠡ ᠠᠰᠢᠭ ᠢ ᠬᠠᠤᠯᠢ ᠶᠤᠰᠤᠭᠠᠷ ᠬᠠᠮᠠᠭᠠᠯᠠᠨ᠂ | ᠬᠠᠤᠯᠢ ᠪᠤᠰᠤ ᠪᠠᠷ ᠠᠵᠢᠯ ᠢ ᠬᠠᠷᠰᠢᠯᠠᠬᠰᠠᠨ ᠵᠡᠷᠭᠡ ᠬᠠᠤᠯᠢ ᠶᠢ ᠵᠦᠷᠢᠴᠡᠭᠰᠡᠨ ᠠᠵᠢᠯᠯᠠᠭ᠎ᠠ ᠳᠤ ᠴᠢᠩᠭ᠎ᠠ ᠴᠤᠬᠢᠯᠳᠠ ᠦᠭᠴᠤ᠂ ᠠᠷᠠᠳ ᠠᠴᠠ ᠡᠵᠡᠩᠨᠡᠭᠰᠡᠨ ᠠᠵᠤ | ᠠᠬᠤᠶᠢᠯᠠᠯ ᠤᠨ ᠬᠦᠭᠵᠢᠯᠳᠡ ᠳᠤ ᠬᠠᠤᠯᠢ ᠶᠢᠨ ᠪᠠᠳᠤᠯᠠᠭ᠎ᠠ ᠬᠠᠩᠭᠠᠨ᠎ᠠ᠃ | ︵ᠳᠠᠪᠤ︶ ᠬᠤᠳᠠ ᠶᠢᠨ ᠴᠢᠨᠠᠷ ᠳᠡᠰ ᠢ ᠳᠡᠭᠡᠭᠰᠢᠯᠡᠬᠦᠯᠤᠨ᠂ ᠦᠨᠳᠤᠰᠤᠨ ᠴᠢᠳᠠᠪᠬᠢ ᠶᠢᠨ ᠪᠠᠶᠢᠷᠢᠰᠢᠭᠤᠯᠤᠯᠳᠠ ᠶᠢ ᠳᠡᠬᠦᠯᠳᠡᠷᠵᠢᠬᠦᠯᠵᠤ᠂ ᠤᠷᠤᠰᠢᠨ ᠰᠠᠭᠤᠷᠢᠰᠢᠬᠤ | ᠳᠤ ᠳᠠᠭᠠᠯᠠᠮᠵᠢᠳᠠᠢ ᠤᠶᠢᠯᠡᠰ ᠪᠦᠳᠤᠭᠡᠬᠦ ᠳᠤ ᠳᠤᠬᠢᠷᠠᠮᠵᠢᠳᠠᠢ ᠬᠤᠳᠠ ᠶᠢ ᠪᠦᠳᠤᠭᠡᠨ ᠪᠠᠶᠢᠭᠤᠯᠤᠨ᠎ᠠ᠃ | ᠭᠤᠤᠯᠳᠠᠯᠭᠠᠳᠤ ᠬᠤᠳᠠ ᠪᠠᠯᠭᠠᠰᠤᠨ ᠤ ᠴᠢᠨᠠᠷ ᠳᠡᠰ ᠢ ᠳᠡᠭᠡᠭᠰᠢᠯᠡᠬᠦᠯᠤᠨ᠎ᠠ᠃ ︽ᠰᠢᠤᠸᠠᠢ ᠵᠢᠶᠠ ᠸᠠᠨ ᠳ᠋ᠠ ᠯᠤ᠋ ᠶᠢ ᠨᠢᠭᠡ ᠴᠤᠬᠴᠠᠵᠢᠭᠤᠯᠬᠤ︾ ᠠᠬᠢᠴᠠ | ᠶᠢ ᠦᠷᠬᠦᠯᠵᠢᠯᠡᠨ ᠳᠦᠷᠭᠡᠳᠭᠡᠵᠤ᠂ ᠬᠤᠳᠠ ᠶᠢᠨ ᠤᠷᠤᠨ ᠵᠠᠢ ᠶᠢᠨ ᠪᠠᠶᠢᠷᠢᠰᠢᠭᠤᠯᠤᠯᠳᠠ ᠶᠢ ᠰᠢᠯᠢᠳᠡᠭᠵᠢᠬᠦᠯᠤᠨ᠎ᠠ᠃ ᠬᠤᠳᠠ ᠶᠢᠨ ᠰᠠᠭᠤᠷᠢ ᠳᠦᠬᠦᠭᠡᠷᠤᠮᠵᠢ ᠶᠢ | ᠦᠷᠬᠦᠯᠵᠢᠯᠡᠨ ᠳᠡᠬᠦᠯᠳᠡᠷᠵᠢᠬᠦᠯᠤᠨ᠂ ᠤᠯᠠᠭᠠᠨ ᠬᠦᠬᠦᠷᠭᠡ ᠪᠠ ᠰᠢᠤᠸᠠᠢ ᠵᠢᠶᠠ ᠸᠠᠨ ᠳ᠋ᠠ ᠯᠤ᠋ ᠬᠦᠷᠬᠦ ᠳᠦᠷᠭᠡᠨ ᠤ ᠵᠠᠮ ᠢ ᠳᠡᠰᠵᠢᠬᠦᠯᠤᠨ ᠦᠭᠡᠷᠡᠴᠢᠯᠡᠬᠦ ᠪᠠᠷᠢᠯᠭ᠎ᠠ | ᠶᠢ ᠡᠬᠢᠯᠡᠬᠦᠯᠤᠨ ᠪᠦᠳᠤᠭᠡᠨ ᠪᠠᠶᠢᠭᠤᠯᠵᠤ᠂ ᠳᠡᠷᠭᠡ ᠵᠤᠬᠰᠤᠭᠠᠬᠤ ᠳᠠᠯᠠᠪᠤᠷ ᠶᠢ ᠨᠡᠮᠡᠭᠳᠡᠬᠦᠯᠤᠨ᠂ ᠵᠡᠭᠡᠯᠢ ᠶᠢᠨ ᠵᠦᠷᠢᠯᠢᠭ ᠬᠦᠬᠦᠷᠭᠡ ᠶᠢ ᠪᠦᠳᠤᠭᠡᠨ ᠪᠠᠶᠢᠭᠤᠯᠵᠤ᠂ | ᠵᠠᠮ ᠬᠠᠷᠢᠯᠴᠠᠭᠠᠨ ᠤ ᠳᠦᠭᠵᠢᠷᠠᠯ ᠢ ᠪᠦᠳᠤᠮᠵᠢᠳᠠᠢ ᠨᠠᠮᠳᠠᠭᠤᠯᠤᠨ᠎ᠠ︔ ᠬᠠᠭᠤᠴᠢᠨ ᠵᠢᠵᠢᠭ ᠳᠤᠭᠤᠷᠢᠭ ᠤᠨ ᠡᠨᠧᠷᠬᠢ ᠠᠷᠪᠢᠯᠠᠵᠤ ᠦᠭᠡᠷᠡᠴᠢᠯᠡᠬᠦ ᠪᠠ ᠭᠠᠵᠠᠷ | ᠳᠤᠤᠷᠠᠬᠢ ᠬᠤᠭᠤᠯᠠᠢ ᠳᠤᠤᠷ ᠢ ᠦᠭᠡᠷᠡᠴᠢᠯᠡᠨ ᠰᠠᠶᠢᠵᠢᠷᠠᠭᠤᠯᠬᠤ ᠵᠡᠷᠭᠡ ᠪᠠᠷᠢᠯᠭ᠎ᠠ ᠶᠢ ᠭᠡᠷᠡᠭᠵᠢᠬᠦᠯᠤᠨ᠂ ᠰᠠᠭᠤᠷᠢ ᠳᠦᠬᠦᠭᠡᠷᠤᠮᠵᠢ ᠶᠢᠨ ᠳᠤᠳᠠᠭᠤᠳᠠᠯ ᠢ | ᠨᠦᠬᠦᠪᠤᠷᠢᠯᠡᠨ᠎ᠠ᠃ ᠨᠠᠭᠤᠷ ᠤᠨ ᠵᠡᠬᠦᠨᠳᠡᠬᠢ᠂ ᠨᠠᠭᠤᠷ ᠤᠨ ᠪᠠᠷᠠᠭᠤᠨᠳᠡᠬᠢ ᠭᠡᠰᠡᠭ ᠤᠨ ᠬᠤᠳᠠ ᠶᠢᠨ ᠶᠠᠪᠤᠳᠠᠯ ᠤᠨ ᠨᠤᠭᠤᠭᠠᠷᠠᠭᠤᠯᠤᠯᠳᠠ ᠶᠢ ᠡᠬᠢᠯᠡᠨ | ᠭᠡᠷᠡᠭᠵᠢᠬᠦᠯᠵᠤ᠂ ᠰᠢᠤᠸᠠᠢ ᠵᠢᠶᠠ ᠸᠠᠨ ᠤ ᠳᠡᠭᠡᠳᠤ ᠬᠤᠷᠳᠤᠴᠠᠳᠤ ᠵᠠᠰᠠᠮᠠᠯ ᠵᠠᠮ ᠤᠨ ᠭᠠᠷᠴᠤ ᠤᠷᠤᠬᠤ ᠠᠮᠠ ᠶᠢᠨ ᠡᠷᠬᠢᠨ ᠳᠤᠭᠤᠷᠢᠨ ᠳᠠᠬᠢ ᠨᠤᠭᠤᠭᠠᠷᠠᠭᠤᠯᠤᠯᠳᠠ | ᠪᠠ ᠦᠵᠡᠮᠵᠢ ᠶᠢ ᠦᠭᠡᠷᠡᠴᠢᠯᠡᠨ ᠰᠠᠶᠢᠵᠢᠷᠠᠭᠤᠯᠬᠤ ᠪᠠᠷᠢᠯᠭ᠎ᠠ ᠶᠢ ᠬᠢᠵᠤ᠂ ᠬᠤᠳᠠ ᠶᠢᠨ ᠴᠢᠨᠠᠷ ᠳᠡᠰ ᠢ ᠳᠡᠭᠡᠭᠰᠢᠯᠡᠬᠦᠯᠤᠨ᠎ᠠ᠃ ᠨᠢᠭᠡᠨᠳᠡ ᠡᠬᠢᠯᠡᠬᠦᠯᠦᠭᠰᠡᠨ ᠬᠠᠭᠤᠴᠢᠨ | ᠬᠤᠳᠠ ᠳᠤᠭᠤᠷᠢᠭ ᠢ ᠦᠭᠡᠷᠡᠴᠢᠯᠡᠨ ᠰᠠᠶᠢᠵᠢᠷᠠᠭᠤᠯᠬᠤ ᠡᠬᠦᠷᠭᠡ ᠶᠢ ᠳᠦᠷᠭᠡᠨ ᠪᠡᠶᠡᠯᠡᠬᠦᠯᠵᠤ᠂ ᠨᠡᠬᠦᠯᠭᠡᠵᠤ ᠳᠤᠬᠢᠷᠠᠭᠤᠯᠬᠤ ᠦᠯᠡᠳᠡᠭᠳᠡᠯ ᠠᠰᠠᠭᠤᠳᠠᠯ ᠢ ᠳᠤᠬᠢᠳᠠᠢ | ᠰᠢᠢᠳᠪᠤᠷᠢᠯᠡᠨ᠎ᠠ᠃ ᠤᠶᠤᠨᠴᠢ ᠵᠡᠬᠦᠨᠭᠠᠷ ᠤᠨ ᠪᠦᠳᠤᠭᠡᠨ ᠪᠠᠶᠢᠭᠤᠯᠤᠯᠳᠠ ᠶᠢ ᠦᠷᠬᠦᠯᠵᠢᠯᠡᠨ ᠠᠬᠢᠭᠤᠯᠵᠤ᠂ ︽ᠵᠡᠬᠦᠨᠭᠠᠷ ᠦᠷᠦᠭᠡ︾ ᠶᠢᠨ ᠬᠤᠳᠠ ᠶᠢᠨ | ᠶᠡᠷᠦᠩᠭᠡᠶᠢᠯᠡᠭᠰᠡᠨ ᠤᠶᠢᠯᠡᠴᠢᠯᠡᠭᠡᠨ ᠤ ᠳᠠᠪᠴᠠᠩ ᠤᠨ ᠪᠦᠳᠤᠭᠡᠨ ᠪᠠᠶᠢᠭᠤᠯᠤᠯᠳᠠ ᠶᠢ ᠡᠬᠢᠯᠡᠬᠦᠯᠤᠨ᠂ ᠠᠳᠠᠯ ᠠᠬᠤᠢ ᠶᠢᠨ ᠬᠠᠮᠢᠶᠠᠷᠤᠯᠳᠠ ᠤᠶᠢᠯᠡᠴᠢᠯᠡᠭᠡᠨ ᠤ ᠬᠢᠷᠢ | ᠳᠦᠪᠰᠢᠨ ᠢ ᠳᠡᠭᠡᠭᠰᠢᠯᠡᠬᠦᠯᠵᠤ᠂ ᠬᠤᠳᠠ ᠶᠢᠨ ᠨᠠᠷᠢᠯᠢᠬᠵᠢᠭᠤᠯᠤᠬᠰᠠᠨ ᠬᠠᠮᠢᠶᠠᠷᠤᠯᠳᠠ ᠶᠢ ᠠᠬᠢᠭᠤᠯᠤᠨ᠎ᠠ᠃ ︽ᠤᠨᠴᠠᠯᠢᠭ ᠨᠢ ᠳᠤᠳᠤᠷᠠᠭᠤᠨ᠂ ᠠᠵᠤ ᠤᠶᠢᠯᠡᠰ | ᠬᠤᠳᠠ ᠨᠢ ᠠᠭᠤᠰᠤᠯᠴᠠᠬᠰᠠᠨ᠂ ᠤᠯᠠᠨ ᠳᠦᠮᠡᠨ ᠳᠤ ᠠᠰᠢᠭ ᠬᠦᠷᠳᠡᠭᠡᠬᠦ︾ ᠵᠠᠷᠴᠢᠮ ᠶᠤᠰᠤᠭᠠᠷ᠂ ᠤᠨᠴᠠᠯᠢᠬᠳᠤ ᠵᠢᠵᠢᠭ ᠪᠠᠯᠭᠠᠰᠤᠨ ᠤ ᠪᠦᠳᠤᠭᠡᠨ ᠪᠠᠶᠢᠭᠤᠯᠤᠯᠳᠠ | ᠶᠢ ᠠᠬᠢᠭᠤᠯᠤᠨ᠎ᠠ᠃ | ᠰᠠᠭᠤᠷᠢ ᠳᠦᠬᠦᠭᠡᠷᠤᠮᠵᠢ ᠶᠢᠨ ᠪᠦᠳᠤᠭᠡᠨ ᠪᠠᠶᠢᠭᠤᠯᠤᠯᠳᠠ ᠶᠢ ᠴᠢᠩᠭᠠᠳᠬᠠᠨ᠎ᠠ᠃ ᠵᠠᠰᠠᠮᠠᠯ ᠵᠠᠮ᠂ ᠳᠡᠮᠤᠷ ᠵᠠᠮ᠂ ᠤᠰᠤᠨ ᠠᠰᠢᠬᠯᠠᠯᠳᠠ᠂ ᠴᠠᠬᠢᠯᠭᠠᠨ | ᠬᠦᠴᠤᠨ ᠵᠡᠷᠭᠡ ᠰᠠᠭᠤᠷᠢ ᠳᠦᠬᠦᠭᠡᠷᠤᠮᠵᠢ ᠶᠢᠨ ᠪᠦᠳᠤᠭᠡᠨ ᠪᠠᠶᠢᠭᠤᠯᠤᠯᠳᠠ ᠶᠢ ᠨᠢᠭᠡᠳᠤᠯᠳᠡᠢ ᠳᠦᠯᠦᠪᠵᠢᠬᠦᠯᠤᠨ ᠠᠬᠢᠭᠤᠯᠤᠨ᠎ᠠ᠃ ᠨᠠᠷᠠᠰᠤᠨ ᠠᠴᠠ ᠯᠦᠩ ᠺᠸᠤ | ᠬᠦᠷᠬᠦ ᠳᠡᠭᠡᠳᠤ ᠬᠤᠷᠳᠤᠴᠠᠳᠤ ᠵᠠᠰᠠᠮᠠᠯ ᠵᠠᠮ᠂ ᠯᠢᠤ ᠴᠢᠩ ᠯᠢᠶᠠᠩ ᠠᠴᠠ ᠴᠠᠩ ᠳᠠᠨ ᠬᠦᠷᠬᠦ ᠨᠢᠭᠡᠳᠤᠭᠡᠷ ᠳᠡᠰ ᠤᠨ ᠵᠠᠰᠠᠮᠠᠯ ᠵᠠᠮ ᠢ ᠡᠬᠢᠯᠡᠨ ᠪᠦᠳᠤᠭᠡᠨ | ᠪᠠᠶᠢᠭᠤᠯᠵᠤ᠂ ᠳ᠋ᠠ ᠯᠤ᠋ ᠠᠴᠠ ᠯᠦᠩ ᠺᠸᠤ ᠬᠦᠷᠬᠦ ᠳᠡᠭᠡᠳᠤ ᠬᠤᠷᠳᠤᠴᠠᠳᠤ ᠵᠠᠰᠠᠮᠠᠯ ᠵᠠᠮ ᠢ ᠪᠠᠶᠢᠭᠤᠯᠵᠤ ᠳᠡᠷᠭᠡ ᠨᠡᠪᠳᠡᠷᠡᠬᠦᠯᠤᠨ᠂ ᠰᠢᠤᠸᠠᠢ ᠵᠢᠶᠠ ᠸᠠᠨ ᠠᠴᠠ ᠸᠧᠢ | ᠵᠢᠶᠠ ᠮᠤᠤ ᠬᠦᠷᠬᠦ᠂ ᠢᠤᠢ ᠱᠤ᠋ ᠸᠠᠨ ᠠᠴᠠ ᠸᠧᠢ ᠵᠢᠶᠠ ᠮᠤᠤ ᠬᠦᠷᠬᠦ ᠵᠠᠰᠠᠮᠠᠯ ᠵᠠᠮ ᠢ ᠰᠡᠯᠪᠢᠨ ᠵᠠᠰᠠᠬᠤ ᠪᠠᠷᠢᠯᠭ᠎ᠠ ᠶᠢ ᠬᠢᠵᠤ᠂ ᠳᠤᠰᠬᠤᠨ ᠬᠤᠯᠪᠤᠬᠰᠠᠨ ᠵᠠᠰᠠᠮᠠᠯ | ᠵᠠᠮ ᠢ 80 ᠺᠢᠯᠤᠮᠧᠲᠷ ᠨᠡᠪᠳᠡᠷᠡᠬᠦᠯᠤᠨ᠂ ᠵᠠᠰᠠᠮᠠᠯ ᠵᠠᠮ ᠤᠨ ᠠᠮᠤᠷ ᠳᠦᠪᠰᠢᠨ ᠰᠠᠭᠠᠳ ᠦᠭᠡᠢ ᠨᠡᠪᠳᠡᠷᠡᠬᠦ ᠶᠢ ᠪᠠᠳᠤᠯᠠᠨ᠎ᠠ᠃ ︽ᠭᠤᠷᠪᠠᠨ ᠬᠦᠨᠳᠡᠯᠡᠨ ᠨᠢᠭᠡ ᠭᠤᠯᠳᠤ | ︾ ᠳᠡᠮᠤᠷ ᠵᠠᠮ ᠤᠨ ᠳᠤᠤᠷ ᠢ ᠠᠭᠠᠵᠢᠮ ᠠᠭᠠᠵᠢᠮ ᠢᠶᠠᠷ ᠳᠡᠬᠦᠯᠳᠡᠷᠵᠢᠬᠦᠯᠤᠨ᠂ ᠳᠦᠪᠯᠡᠷᠡᠬᠦᠯᠤᠨ ᠵᠦᠭᠡᠭᠡᠪᠤᠷᠢᠯᠡᠬᠦ ᠦᠷᠳᠡᠭᠡᠨ ᠤ ᠪᠦᠳᠤᠭᠡᠨ ᠪᠠᠶᠢᠭᠤᠯᠤᠯᠳᠠ ᠶᠢ | ᠳᠦᠷᠭᠡᠳᠭᠡᠵᠤ᠂ ᠴᠢᠩ ᠴᠦᠨ ᠲᠠ ᠨᠡᠬᠦᠷᠡᠰᠤᠨ ᠠᠭᠤᠷᠬᠠᠢ ᠶᠢᠨ ᠳᠡᠮᠤᠷ ᠵᠠᠮ ᠤᠨ ᠳᠤᠰᠬᠠᠢ ᠱᠤᠭᠤᠮ ᠢ ᠪᠠᠶᠢᠭᠤᠯᠬᠤ ᠪᠠᠷ ᠴᠢᠷᠮᠠᠶᠢᠨ᠎ᠠ᠃ ᠤᠰᠤᠨ ᠠᠰᠢᠬᠯᠠᠯᠳᠠ | ᠶᠢᠨ ᠰᠠᠭᠤᠷᠢ ᠶᠢ ᠪᠠᠳᠤᠳᠬᠠᠨ᠂ ᠬᠠᠳᠤᠨ ᠭᠤᠤᠯ ᠤᠨ ᠬᠤᠶᠠᠳᠤᠭᠠᠷ ᠬᠤᠭᠤᠴᠠᠭᠠᠨ ᠤ ᠦᠶᠡᠷ ᠢ ᠰᠡᠷᠭᠡᠶᠢᠯᠡᠬᠦ ᠪᠠᠷᠢᠯᠭ᠎ᠠ᠂ ᠸᠠᠨ ᠵᠢᠶᠠ ᠵᠠᠢ ᠶᠢᠨ ᠬᠠᠳᠤᠨ ᠭᠤᠤᠯ | ᠤᠨ ᠤᠰᠤ ᠶᠢ ᠳᠠᠳᠠᠨ ᠤᠷᠤᠭᠤᠯᠵᠤ ᠤᠰᠤ ᠬᠠᠩᠭᠠᠬᠤ ᠪᠠᠷᠢᠯᠭ᠎ᠠ ᠶᠢ ᠪᠡᠶᠡᠯᠡᠬᠦᠯᠤᠨ᠎ᠠ︔ ᠴᠠᠬᠢᠯᠭᠠᠨ ᠬᠦᠴᠤᠨ ᠤ ᠪᠠᠳᠤᠯᠠᠭ᠎ᠠ ᠲᠠᠢ ᠬᠠᠩᠭᠠᠯᠳᠠ ᠶᠢ ᠴᠢᠩᠭᠠᠳᠬᠠᠨ᠂ | ᠬᠠᠢ ᠽᠢ ᠲᠠ ᠶᠢᠨ 220 ᠺᠢᠯᠤᠸᠤᠯᠲ ᠤᠨ ᠴᠠᠬᠢᠯᠭᠠᠨ ᠬᠤᠪᠢᠰᠬᠠᠵᠤ ᠬᠦᠷᠭᠡᠬᠦ ᠵᠡᠷᠭᠡ ᠳᠦᠷᠤᠯ ᠵᠤᠶᠢᠯ ᠢ ᠪᠡᠶᠡᠯᠡᠬᠦᠯᠵᠤ᠂ ᠤᠰᠤ᠂ ᠴᠠᠬᠢᠯᠭᠠᠨ ᠤ ᠠᠮᠤᠷ | ᠳᠦᠪᠰᠢᠨ ᠢ ᠪᠠᠳᠤᠯᠠᠨ᠎ᠠ᠃ | ︵ᠵᠢᠷᠭᠤᠭ᠎ᠠ︶ ᠠᠷᠠᠳ ᠤᠨ ᠠᠮᠢᠳᠤᠷᠠᠯ ᠢ ᠪᠠᠳᠤᠯᠠᠨ ᠰᠠᠶᠢᠵᠢᠷᠠᠭᠤᠯᠵᠤ᠂ ᠠᠷᠠᠳ ᠤᠯᠠᠨ ᠤ ᠬᠦᠷᠳᠡᠮᠵᠢ ᠶᠢᠨ ᠳᠦᠷᠦᠭᠳᠡᠯ ᠪᠠ ᠵᠤᠯ ᠵᠢᠷᠭᠠᠯᠳᠤ ᠳᠦᠷᠦᠭᠳᠡᠯ ᠢ | ᠦᠨᠡᠨ ᠬᠦ ᠨᠡᠮᠡᠭᠳᠡᠬᠦᠯᠤᠨ᠎ᠠ᠃ | ᠠᠷᠠᠳ ᠳᠦᠮᠡᠨ ᠤ ᠰᠡᠳᠬᠢᠯ ᠬᠠᠨᠤᠮᠵᠢᠳᠠᠢ ᠰᠤᠷᠭᠠᠨ ᠬᠦᠮᠤᠵᠢᠯ ᠢ ᠰᠠᠶᠢᠳᠤᠷ ᠡᠷᠬᠢᠯᠡᠨ᠎ᠠ᠃ ᠰᠤᠷᠭᠠᠨ ᠬᠦᠮᠤᠵᠢᠯ ᠤᠨ ᠡᠬᠢ ᠪᠠᠶᠠᠯᠢᠭ ᠢ ᠳᠤᠬᠢᠷᠠᠭᠤᠯᠬᠤ ᠶᠢ | ᠴᠢᠨᠠᠬᠰᠢᠳᠠ ᠰᠢᠯᠢᠳᠡᠭᠵᠢᠬᠦᠯᠤᠨ᠂ ᠰᠢᠤᠸᠠᠢ ᠵᠢᠶᠠ ᠸᠠᠨ ᠤ ᠠᠷᠪᠠᠨ ᠨᠢᠭᠡᠳᠤᠭᠡᠷ ᠪᠠᠭ᠎ᠠ ᠰᠤᠷᠭᠠᠭᠤᠯᠢ᠂ ᠵᠡᠬᠦᠨᠭᠠᠷ ᠤᠨ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ | ᠶᠢᠨ ᠪᠤᠳᠠᠳᠠᠢ ᠪᠤᠯᠪᠠᠰᠤᠷᠠᠯ ᠤᠨ ᠰᠠᠭᠤᠷᠢᠨ ᠭᠠᠵᠠᠷ ︵ᠬᠤᠶᠠᠳᠤᠭᠠᠷ ᠬᠤᠭᠤᠴᠠᠭ᠎ᠠ︶ ᠵᠡᠷᠭᠡ 29 ᠳᠦᠷᠤᠯ ᠵᠤᠶᠢᠯ ᠢ ᠭᠡᠷᠡᠭᠵᠢᠬᠦᠯᠵᠤ᠂ ᠰᠢᠨ᠎ᠠ ᠪᠠᠷ 700 ᠠᠴᠠ | ᠳᠡᠭᠡᠭᠰᠢ ᠰᠤᠷᠤᠬᠴᠢ ᠨᠡᠮᠡᠭᠳᠡᠬᠦᠯᠤᠨ᠂ ︽ᠶᠡᠭᠡ ᠠᠩᠬᠢ ᠶᠢᠨ ᠳᠤᠭ᠎ᠠ︾᠂ ︽ᠰᠤᠷᠭᠠᠭᠤᠯᠢ ᠰᠤᠩᠭᠤᠬᠤ ᠬᠠᠯᠠᠮᠰᠢᠯ︾ ᠠᠰᠠᠭᠤᠳᠠᠯ ᠢ ᠴᠢᠷᠮᠠᠶᠢᠨ ᠰᠢᠢᠳᠪᠤᠷᠢᠯᠡᠨ᠎ᠠ᠃ | ᠪᠠᠭᠰᠢ ᠶᠢᠨ ᠡᠩᠨᠡᠭᠡᠨ ᠤ ᠪᠠᠶᠢᠭᠤᠯᠤᠯᠳᠠ ᠶᠢ ᠴᠢᠩᠭᠠᠳᠬᠠᠨ᠂ ᠳᠡᠭᠡᠳᠤ ᠳᠠᠪᠬᠤᠷᠭᠠᠨ ᠤ ᠰᠤᠷᠭᠠᠨ ᠬᠦᠮᠤᠵᠢᠯ ᠤᠨ ᠴᠢᠳᠠᠪᠤᠷᠢᠳᠠᠨ ᠢ ᠤᠯᠠᠨ ᠠᠷᠭ᠎ᠠ ᠵᠠᠮ ᠢᠶᠠᠷ | ᠤᠷᠤᠭᠤᠯᠤᠨ ᠠᠪᠴᠢᠷᠠᠨ᠎ᠠ᠃ ᠪᠠᠭᠰᠢ ᠶᠢᠨ ᠶᠤᠰᠤ ᠰᠤᠷᠳᠠᠬᠤᠨ ᠪᠠᠭᠰᠢ ᠶᠢᠨ ᠰᠤᠷᠳᠠᠯ ᠢ ᠬᠢᠨᠠᠨ ᠰᠢᠯᠭᠠᠷᠠᠭᠤᠯᠵᠤ ᠬᠢᠨᠠᠯᠳᠠ ᠳᠠᠯᠪᠢᠬᠤ ᠳᠤᠬᠳᠠᠴᠠ ᠪᠠ ᠰᠤᠷᠭᠠᠨ | ᠬᠦᠮᠤᠵᠢᠯ ᠤᠨ ᠠᠵᠢᠯ ᠤᠨ ᠠᠮᠵᠢᠯᠳᠠ ᠶᠢ ᠬᠢᠨᠠᠨ ᠰᠢᠯᠭᠠᠷᠠᠭᠤᠯᠵᠤ ᠵᠤᠷᠢᠬᠵᠢᠭᠤᠯᠬᠤ ᠳᠤᠬᠳᠠᠴᠠ ᠶᠢ ᠪᠦᠷᠢᠨᠰᠢᠬᠦᠯᠤᠨ᠎ᠠ᠃ ᠭᠡᠪ ᠴᠢᠨᠠᠷ ᠤᠨ ᠰᠤᠷᠭᠠᠨ ᠬᠦᠮᠤᠵᠢᠯ ᠢ | ᠴᠢᠩᠭᠠᠳᠬᠠᠨ᠂ ᠰᠤᠷᠭᠠᠨ ᠬᠦᠮᠤᠵᠢᠯ ᠤᠨ ᠮᠡᠳᠡᠭᠡ ᠵᠠᠩᠬᠢᠵᠢᠯᠳᠡ ᠶᠢᠨ ᠪᠦᠳᠤᠭᠡᠨ ᠪᠠᠶᠢᠭᠤᠯᠤᠯᠳᠠ ᠶᠢ ᠶᠡᠭᠡ ᠪᠠᠷ ᠠᠬᠢᠭᠤᠯᠵᠤ᠂ ᠰᠤᠷᠭᠠᠨ ᠬᠦᠮᠤᠵᠢᠯ ᠤᠨ ᠵᠢᠭᠠᠨ | ᠰᠤᠷᠭᠠᠬᠤ ᠶᠠᠰᠤ ᠴᠢᠨᠠᠷ ᠢ ᠯᠠᠪᠳᠠᠭᠤᠨ ᠢᠶᠠᠷ ᠳᠡᠭᠡᠭᠰᠢᠯᠡᠬᠦᠯᠤᠨ᠎ᠠ᠃ | ᠨᠡᠶᠢᠭᠡᠮ ᠤᠨ ᠪᠠᠳᠤᠯᠠᠭ᠎ᠠ ᠶᠢᠨ ᠳᠤᠬᠳᠠᠯᠴᠠᠭ᠎ᠠ ᠶᠢ ᠪᠦᠷᠢᠨᠰᠢᠬᠦᠯᠤᠨ᠎ᠠ᠃ ᠠᠵᠢᠯ ᠤᠯᠭᠤᠯᠳᠠ ᠶᠢ ᠳᠤᠪᠤᠶᠢᠮ᠎ᠠ ᠪᠠᠶᠢᠷᠢᠨ ᠳᠤ ᠳᠠᠯᠪᠢᠵᠤ᠂ ᠳᠡᠭᠡᠳᠤ | ᠰᠤᠷᠭᠠᠭᠤᠯᠢ ᠠᠴᠠ ᠳᠡᠬᠦᠰᠦᠭᠰᠡᠨ ᠤᠶᠤᠳᠠᠳ᠂ ᠳᠠᠷᠢᠶᠠᠴᠢᠨ ᠬᠦᠯᠤᠰᠤᠨ ᠠᠵᠢᠯᠴᠢᠨ᠂ ᠴᠡᠷᠢᠭ ᠠᠴᠠ ᠬᠠᠯᠠᠬᠳᠠᠬᠰᠠᠳ ᠵᠡᠷᠭᠡ ᠳᠤ ᠠᠵᠢᠯ ᠤᠯᠭᠤᠬᠤ ᠶᠢ | ᠭᠤᠤᠯᠳᠠᠯᠭ᠎ᠠ ᠲᠠᠢ ᠰᠠᠶᠢᠳᠤᠷ ᠰᠢᠢᠳᠪᠤᠷᠢᠯᠡᠨ᠂ ᠳᠠᠷᠢᠶᠠᠴᠢᠨ ᠬᠦᠯᠤᠰᠤᠨ ᠠᠵᠢᠯᠴᠢᠨ ᠤ ᠨᠤᠳᠤᠭ ᠲᠠᠭᠠᠨ ᠪᠤᠴᠠᠵᠤ ᠤᠶᠢᠯᠡᠰ ᠪᠦᠳᠤᠭᠡᠬᠦ ᠪᠤᠯᠪᠠᠰᠤᠷᠠᠯ ᠰᠤᠷᠭᠠᠭᠤᠯᠢ | ᠶᠢ ᠡᠬᠢᠯᠡᠨ ᠪᠠᠶᠢᠭᠤᠯᠵᠤ᠂ ᠬᠤᠳᠠ ᠪᠠᠯᠭᠠᠰᠤᠨ ᠤ 5100 ᠬᠦᠮᠤᠨ ᠳᠤ ᠰᠢᠨ᠎ᠠ ᠪᠠᠷ ᠠᠵᠢᠯ ᠤᠯᠭᠤᠨ᠎ᠠ᠃ ᠪᠦᠬᠦ ᠠᠷᠠᠳ ᠤᠨ ᠳᠠᠭᠠᠳᠬᠠᠯ ᠳᠤ ᠤᠷᠤᠯᠴᠠᠬᠤ | ᠳᠦᠯᠦᠪᠯᠡᠭᠡ ᠶᠢ ᠭᠡᠷᠡᠭᠵᠢᠬᠦᠯᠤᠨ᠂ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠦᠨᠳᠤᠰᠤᠨ ᠡᠮ ᠡᠮᠨᠡᠯᠭᠡ ᠶᠢᠨ ᠳᠠᠭᠠᠳᠬᠠᠯ ᠪᠠ ᠬᠦᠨᠳᠤ ᠡᠪᠡᠳᠴᠢᠨ ᠤ | ᠳᠠᠭᠠᠳᠬᠠᠯ ᠤᠨ ᠳᠦᠷᠦ ᠶᠢᠨ ᠪᠤᠳᠤᠯᠭ᠎ᠠ ᠶᠢ ᠳᠡᠬᠦᠯᠳᠡᠷᠵᠢᠬᠦᠯᠤᠨ᠎ᠠ᠃ ᠪᠦᠬᠦ ᠤᠷᠤᠨ ᠤ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ᠂ | ᠤᠨᠴᠠ ᠬᠦᠴᠢᠷᠳᠡᠯᠳᠡᠢ ᠬᠦᠮᠤᠰ ᠵᠡᠷᠭᠡ ᠨᠡᠶᠢᠭᠡᠮ ᠤᠨ ᠠᠪᠤᠷᠠᠨ ᠳᠤᠰᠠᠯᠠᠬᠤ ᠪᠠᠷᠢᠮᠵᠢᠶ᠎ᠠ ᠶᠢ ᠴᠢᠩᠭ᠎ᠠ ᠭᠡᠷᠡᠭᠵᠢᠬᠦᠯᠤᠨ᠎ᠠ᠃ ᠨᠠᠰᠤᠳᠠᠨ ᠤ ᠠᠰᠠᠷᠠᠮᠵᠢ ᠶᠢᠨ | ᠤᠶᠢᠯᠡᠴᠢᠯᠡᠭᠡ ᠬᠠᠮᠢᠶᠠᠷᠤᠯᠳᠠ ᠶᠢᠨ ᠳᠤᠬᠳᠠᠴᠠ ᠶᠢᠨ ᠦᠭᠡᠷᠡᠴᠢᠯᠡᠯᠳᠡ ᠶᠢ ᠠᠬᠢᠭᠤᠯᠤᠨ᠂ ᠠᠶᠢᠯ ᠡᠷᠤᠭᠡ ᠪᠠᠷ ᠰᠠᠭᠤᠷᠢ ᠪᠤᠯᠭᠠᠬᠰᠠᠨ᠂ ᠨᠡᠶᠢᠭᠡᠮ ᠳᠤᠭᠤᠷᠢᠭ ᠢᠶᠠᠷ | ᠳᠦᠰᠢᠭ ᠪᠤᠯᠭᠠᠬᠰᠠᠨ᠂ ᠪᠠᠶᠢᠭᠤᠯᠤᠮᠵᠢ ᠪᠠᠷ ᠨᠦᠬᠦᠪᠤᠷᠢ ᠪᠤᠯᠭᠠᠬᠰᠠᠨ᠂ ᠡᠮᠴᠢᠯᠡᠭᠡ ᠰᠤᠪᠢᠯᠠᠯᠳᠠ ᠶᠢ ᠤᠶᠠᠯᠳᠤᠭᠤᠯᠤᠬᠰᠠᠨ᠂ ᠬᠤᠳᠠ ᠬᠦᠳᠡᠭᠡ ᠶᠢ ᠬᠠᠮᠤᠷᠤᠬᠰᠠᠨ | ᠨᠠᠰᠤᠳᠠᠨ ᠤ ᠠᠰᠠᠷᠠᠮᠵᠢ ᠶᠢᠨ ᠤᠶᠢᠯᠡᠴᠢᠯᠡᠭᠡᠨ ᠤ ᠳᠤᠬᠳᠠᠯᠴᠠᠭ᠎ᠠ ᠶᠢ ᠳᠦᠷᠭᠡᠨ ᠪᠠᠶᠢᠭᠤᠯᠵᠤ᠂ ᠨᠡᠶᠢᠭᠡᠮ ᠤᠨ ᠶᠡᠷᠦᠩᠭᠡᠶᠢᠯᠡᠭᠰᠡᠨ ᠠᠰᠠᠷᠠᠮᠵᠢ ᠶᠢᠨ ᠳᠦᠪ ᠢ | ᠪᠠᠶᠢᠭᠤᠯᠵᠤ ᠠᠰᠢᠬᠯᠠᠯᠳᠠ ᠳᠤ ᠤᠷᠤᠭᠤᠯᠬᠤ ᠪᠠᠷ ᠴᠢᠷᠮᠠᠶᠢᠨ᠂ ᠯᠦᠩ ᠺᠸᠤ᠂ ᠱᠢ ᠡᠯ ᠯᠢᠶᠠᠨ ᠴᠧᠩ ᠵᠡᠷᠭᠡ 5 ᠨᠠᠰᠤᠳᠠᠨ ᠢ ᠠᠰᠠᠷᠠᠬᠤ ᠬᠦᠷᠢᠶᠡᠯᠡᠩ ᠤᠨ | ᠳᠤᠶᠢᠮᠠᠷ ᠰᠡᠷᠭᠡᠶᠢᠯᠡᠵᠤ ᠤᠨᠳᠠᠷᠠᠭᠠᠬᠤ ᠳᠦᠬᠦᠭᠡᠷᠤᠮᠵᠢ ᠶᠢ ᠦᠭᠡᠷᠡᠴᠢᠯᠡᠨ ᠰᠠᠶᠢᠵᠢᠷᠠᠭᠤᠯᠬᠤ ᠶᠢ ᠪᠡᠶᠡᠯᠡᠬᠦᠯᠤᠨ᠎ᠠ᠃ ᠨᠡᠶᠢᠭᠡᠮ ᠤᠨ ᠠᠪᠤᠷᠠᠨ ᠳᠤᠰᠠᠯᠠᠬᠤ᠂ ᠨᠡᠶᠢᠭᠡᠮ | ᠤᠨ ᠠᠰᠠᠷᠠᠮᠵᠢ᠂ ᠨᠢᠬᠦᠯᠡᠰᠦᠩᠬᠦᠢ ᠶᠢᠨ ᠤᠶᠢᠯᠡᠰ᠂ ᠬᠠᠷᠠᠭᠠᠯᠵᠠᠨ ᠳᠤᠬᠢᠷᠠᠭᠤᠯᠬᠤ ᠵᠡᠷᠭᠡ ᠳᠦᠷᠢᠮ ᠢ ᠴᠢᠨᠠᠬᠰᠢᠳᠠ ᠳᠡᠬᠦᠯᠳᠡᠷᠵᠢᠬᠦᠯᠵᠤ᠂ ᠨᠡᠶᠢᠭᠡᠮ ᠤᠨ ᠪᠠᠳᠤᠯᠠᠭ᠎ᠠ | ᠶᠢᠨ ᠳᠤᠤᠷ ᠢ ᠤᠯᠠᠮ ᠨᠢᠬᠳᠠ ᠪᠠᠬᠢᠯᠢᠭ᠌ ᠪᠤᠯᠭᠠᠨ᠎ᠠ᠃ | ᠡᠷᠡᠬᠦᠯ ᠮᠡᠨᠳᠤ ᠵᠡᠬᠦᠨᠭᠠᠷ ᠤᠨ ᠪᠦᠳᠤᠭᠡᠨ ᠪᠠᠶᠢᠭᠤᠯᠤᠯᠳᠠ ᠶᠢ ᠳᠦᠷᠭᠡᠳᠭᠡᠨ᠎ᠠ᠃ ᠡᠮ ᠡᠮᠨᠡᠯᠭᠡ ᠶᠢᠨ ᠰᠠᠭᠤᠷᠢ ᠳᠦᠬᠦᠭᠡᠷᠤᠮᠵᠢ ᠶᠢ ᠳᠡᠬᠦᠯᠳᠡᠷᠵᠢᠬᠦᠯᠤᠨ᠂ | ᠤᠶᠢᠯᠡᠴᠢᠯᠡᠭᠡᠨ ᠤ ᠴᠢᠳᠠᠪᠤᠷᠢ ᠶᠢ ᠳᠡᠭᠡᠭᠰᠢᠯᠡᠬᠦᠯᠵᠤ᠂ ᠬᠤᠰᠢᠭᠤᠨ ᠤ ᠭᠤᠤᠯᠳᠠᠯᠭᠠᠳᠤ ᠡᠮᠨᠡᠯᠭᠡ ᠶᠢᠨ ᠬᠤᠷᠢᠶ᠎ᠠ᠂ ᠬᠢᠳᠠᠳ ᠮᠤᠩᠭᠤᠯ ᠡᠮᠨᠡᠯᠭᠡ ᠶᠢᠨ ᠬᠤᠷᠢᠶ᠎ᠠ᠂ | ᠠᠷᠠᠳ ᠤᠨ ᠡᠮᠨᠡᠯᠭᠡ ᠶᠢᠨ ᠬᠤᠷᠢᠶ᠎ᠠ ᠶᠢ ᠦᠷᠭᠡᠳᠭᠡᠨ ᠪᠠᠶᠢᠭᠤᠯᠬᠤ ᠵᠡᠷᠭᠡ 12 ᠳᠦᠷᠤᠯ ᠵᠤᠶᠢᠯ ᠢ ᠭᠡᠷᠡᠭᠵᠢᠬᠦᠯᠤᠨ᠎ᠠ᠃ ᠡᠷᠡᠬᠦᠯ ᠮᠡᠨᠳᠤ ᠪᠠᠷ ᠠᠬᠢᠭᠤᠯᠬᠤ ᠪᠠ | ᠤᠳᠠᠭᠠᠨ ᠴᠢᠨᠠᠷᠳᠠᠢ ᠡᠪᠡᠳᠴᠢᠨ ᠢ ᠰᠡᠷᠭᠡᠶᠢᠯᠡᠨ ᠬᠤᠷᠢᠬᠯᠠᠬᠤ ᠳᠠᠭᠤᠷᠢᠶᠠᠯ ᠦᠵᠡᠬᠦᠯᠬᠦ ᠤᠷᠤᠨ ᠢ ᠡᠬᠦᠳᠤᠨ ᠪᠠᠶᠢᠭᠤᠯᠬᠤ ᠠᠵᠢᠯ ᠢ ᠪᠠᠬᠢᠵᠢᠬᠦᠯᠤᠨ ᠪᠠᠳᠤᠳᠬᠠᠨ᠎ᠠ᠃ | ᠠᠯᠪᠠᠨ ᠠᠴᠠ ᠡᠷᠬᠢᠯᠡᠭᠰᠡᠨ ᠡᠮᠨᠡᠯᠭᠡ ᠶᠢᠨ ᠬᠤᠷᠢᠶᠠᠨ ᠤ ᠴᠠᠯᠢᠩ ᠤᠯᠭᠤᠮᠵᠢ ᠶᠢᠨ ᠳᠦᠷᠢᠮ ᠤᠨ ᠦᠭᠡᠷᠡᠴᠢᠯᠡᠯᠳᠡ ᠶᠢ ᠭᠡᠷᠡᠭᠵᠢᠬᠦᠯᠤᠨ᠂ ᠡᠮ ᠡᠮᠨᠡᠯᠭᠡ ᠶᠢᠨ | ᠳᠠᠭᠠᠳᠬᠠᠯ ᠤᠨ ᠳᠦᠯᠦᠬᠦ ᠠᠷᠭ᠎ᠠ ᠭᠡᠯᠪᠡᠷᠢ ᠶᠢᠨ ᠦᠭᠡᠷᠡᠴᠢᠯᠡᠯᠳᠡ ᠶᠢ ᠬᠦᠨᠵᠡᠭᠡᠶᠢᠷᠡᠬᠦᠯᠵᠤ᠂ ᠤᠨᠳᠤᠤ ᠭᠠᠵᠠᠷ ᠡᠮᠴᠢᠯᠡᠬᠦᠯᠪᠡᠯ ᠰᠢᠭᠤᠳ ᠳᠤᠭᠠᠴᠠᠭ᠎ᠠ ᠬᠢᠬᠦ ᠬᠦᠷᠢᠶ᠎ᠠ | ᠭᠡᠪᠴᠢᠶ᠎ᠠ ᠶᠢ ᠨᠢ ᠦᠷᠭᠡᠳᠭᠡᠨ᠂ ᠦᠪᠡᠷᠮᠢᠴᠡ ᠤᠨᠴᠠᠯᠢᠬᠳᠤ ᠭᠡᠷ ᠪᠦᠯᠢ ᠶᠢᠨ ᠡᠮᠴᠢ ᠲᠠᠢ ᠭᠡᠷ᠎ᠠ ᠳᠤᠬᠳᠠᠵᠤ ᠤᠶᠢᠯᠡᠴᠢᠯᠡᠬᠦ ᠤᠶᠢᠯᠡᠴᠢᠯᠡᠭᠡ ᠶᠢ ᠰᠦᠪᠡᠭᠴᠢᠯᠡᠨ᠂ | ᠴᠢᠳᠠᠪᠤᠷᠢᠳᠠᠨ᠂ ᠮᠡᠷᠭᠡᠵᠢᠯ᠂ ᠭᠤᠤᠯᠳᠠᠯᠭ᠎ᠠ ᠲᠠᠢ ᠳᠤᠰᠬᠠᠢ ᠰᠠᠯᠠᠭ᠎ᠠ ᠪᠠᠷ ᠭᠤᠤᠯ ᠪᠤᠯᠭᠠᠬᠰᠠᠨ ᠡᠮ ᠡᠮᠨᠡᠯᠭᠡ ᠶᠢᠨ ᠤᠶᠢᠯᠡᠴᠢᠯᠡᠭᠡᠨ ᠤ ᠴᠢᠳᠠᠪᠤᠷᠢ ᠶᠢᠨ ᠪᠦᠳᠤᠭᠡᠨ | ᠪᠠᠶᠢᠭᠤᠯᠤᠯᠳᠠ ᠶᠢ ᠦᠷᠬᠦᠯᠵᠢᠯᠡᠨ ᠠᠬᠢᠭᠤᠯᠵᠤ᠂ ᠠᠯᠪᠠᠨ ᠠᠴᠠ ᠡᠷᠬᠢᠯᠡᠭᠰᠡᠨ ᠡᠮᠨᠡᠯᠭᠡ ᠶᠢᠨ ᠬᠤᠷᠢᠶᠠᠨ ᠤ ᠦᠭᠡᠷᠡᠴᠢᠯᠡᠯᠳᠡ ᠶᠢᠨ ᠦᠷ᠎ᠠ ᠪᠦᠳᠤᠮᠵᠢ ᠶᠢ | ᠪᠠᠳᠤᠳᠬᠠᠨ ᠦᠷᠭᠡᠳᠭᠡᠵᠤ᠂ ᠡᠮᠴᠢᠯᠡᠭᠡ ᠤᠶᠢᠯᠡᠴᠢᠯᠡᠭᠡᠨ ᠤ ᠬᠢᠷᠢ ᠳᠦᠪᠰᠢᠨ ᠢ ᠴᠢᠷᠮᠠᠶᠢᠨ ᠳᠡᠭᠡᠭᠰᠢᠯᠡᠬᠦᠯᠤᠨ᠎ᠠ᠃ ᠪᠦᠬᠦ ᠬᠤᠰᠢᠭᠤᠨ ᠤ ᠴᠦᠭᠡᠨ ᠳᠤᠭᠠᠳᠤ | ᠦᠨᠳᠤᠰᠤᠳᠡᠨ ᠤ ᠤᠯᠠᠮᠵᠢᠯᠠᠯᠳᠤ ᠳᠠᠮᠢᠷ ᠤᠨ ᠤᠷᠤᠯᠳᠤᠭᠠᠨ᠂ ᠳᠤᠮᠳᠠᠳᠤ ᠪᠠᠭ᠎ᠠ ᠰᠤᠷᠭᠠᠭᠤᠯᠢ ᠶᠢᠨ ︽ᠬᠤᠰᠢᠭᠤᠨ ᠳᠠᠷᠤᠭ᠎ᠠ ᠬᠤᠨᠳᠠᠭᠠᠳᠤ︾ ᠬᠦᠯ ᠪᠦᠮᠪᠤᠭᠡᠨ | ᠤᠷᠤᠯᠳᠤᠭᠠᠨ ᠵᠡᠷᠭᠡ ᠡᠯ᠎ᠡ ᠳᠦᠷᠤᠯ ᠤᠨ ᠤᠷᠤᠯᠳᠤᠭᠠᠨ ᠢ 12 ᠤᠳᠠᠭ᠎ᠠ ᠠᠴᠠ ᠢᠯᠡᠬᠦᠦ ᠡᠷᠬᠢᠯᠡᠨ ᠬᠢᠵᠤ᠂ ᠺᠠᠳ᠋ᠷ ᠠᠵᠢᠯᠳᠠᠨ ᠤ ᠰᠤᠶᠤᠯ ᠳᠠᠮᠢᠷ ᠤᠨ | ᠠᠵᠢᠯᠯᠠᠭ᠎ᠠ ᠬᠢᠬᠦ ᠳᠦᠪ ᠤᠨ ᠪᠦᠳᠤᠭᠡᠨ ᠪᠠᠶᠢᠭᠤᠯᠤᠯᠳᠠ ᠶᠢ ᠳᠦᠷᠭᠡᠳᠭᠡᠨ᠂ ᠤᠯᠠᠨ ᠳᠦᠮᠡᠨ ᠢ ᠵᠤᠷᠢᠬᠵᠢᠭᠤᠯᠵᠤ ᠪᠡᠶ᠎ᠡ ᠴᠢᠬᠢᠷᠠᠬᠵᠢᠭᠤᠯᠬᠤ ᠬᠦᠳᠡᠯᠭᠡᠭᠡᠨ ᠳᠤ | ᠢᠳᠡᠪᠬᠢᠳᠡᠢ ᠤᠷᠤᠯᠴᠠᠭᠤᠯᠵᠤ᠂ ᠪᠦᠬᠦ ᠳᠠᠯ᠎ᠠ ᠪᠠᠷ ᠪᠡᠶ᠎ᠡ ᠪᠠᠨ ᠴᠢᠬᠢᠷᠠᠬᠵᠢᠭᠤᠯᠬᠤ ᠪᠠ ᠪᠦᠬᠦ ᠳᠠᠯ᠎ᠠ ᠶᠢᠨ ᠡᠷᠡᠬᠦᠯ ᠮᠡᠨᠳᠤ ᠶᠢ ᠬᠦᠨ ᠠᠭᠤᠰᠤᠯᠴᠠᠭᠤᠯᠬᠤ ᠶᠢ | ᠠᠬᠢᠭᠤᠯᠤᠨ᠎ᠠ᠃ | ᠰᠤᠶᠤᠯ ᠤᠨ ᠤᠶᠢᠯᠡᠰ ᠢ ᠴᠡᠴᠡᠭᠯᠡᠬᠦᠯᠤᠨ ᠬᠦᠭᠵᠢᠬᠦᠯᠤᠨ᠎ᠠ᠃ ᠤᠯᠠᠨ ᠨᠡᠶᠢᠳᠡ ᠶᠢᠨ ᠰᠤᠶᠤᠯ ᠤᠨ ᠤᠶᠢᠯᠡᠴᠢᠯᠡᠭᠡᠨ ᠤ ᠪᠠᠷᠢᠮᠵᠢᠶᠠᠵᠢᠭᠤᠯᠤᠬᠰᠠᠨ ᠪᠦᠳᠤᠭᠡᠨ | ᠪᠠᠶᠢᠭᠤᠯᠤᠯᠳᠠ ᠶᠢ ᠪᠦᠬᠦ ᠳᠠᠯ᠎ᠠ ᠪᠠᠷ ᠳᠡᠯᠭᠡᠷᠡᠬᠦᠯᠤᠨ᠂ ᠨᠠᠭᠠᠳᠤᠮ ᠤᠨ ᠭᠤᠤᠯ ᠳᠠᠯᠠᠪᠤᠷ᠂ ᠰᠢᠤᠸᠠᠢ ᠵᠢᠶᠠ ᠸᠠᠨ ᠤ ᠶᠡᠷᠦᠩᠭᠡᠶᠢᠯᠡᠭᠰᠡᠨ ᠠᠵᠢᠯᠯᠠᠭᠠᠨ ᠤ ᠳᠦᠪ ᠵᠡᠷᠭᠡ | ᠳᠦᠷᠤᠯ ᠵᠤᠶᠢᠯ ᠤᠨ ᠪᠦᠳᠤᠭᠡᠨ ᠪᠠᠶᠢᠭᠤᠯᠤᠯᠳᠠ ᠶᠢ ᠳᠦᠷᠭᠡᠨ ᠠᠬᠢᠭᠤᠯᠵᠤ᠂ ᠰᠢᠶᠠᠩ ᠪᠠᠯᠭᠠᠰᠤ ᠳᠤᠰᠬᠤᠨ ᠬᠤᠶᠠᠷ ᠱᠠᠳᠤᠨ ᠤ ᠶᠡᠷᠦᠩᠭᠡᠶᠢᠯᠡᠭᠰᠡᠨ ᠰᠤᠶᠤᠯ ᠤᠨ | ᠤᠶᠢᠯᠡᠴᠢᠯᠡᠭᠡᠨ ᠤ ᠳᠦᠪ ᠤᠨ ᠴᠢᠳᠠᠪᠬᠢ ᠶᠢ ᠳᠡᠬᠦᠯᠳᠡᠷᠵᠢᠬᠦᠯᠤᠨ᠎ᠠ᠃ ᠳᠡᠤᠭᠡᠨ ᠳᠤᠷᠠᠰᠬᠠᠯᠳᠤ ᠵᠤᠶᠢᠯᠡᠰ ᠢ ᠬᠠᠮᠠᠭᠠᠯᠠᠬᠤ ᠠᠰᠢᠬᠯᠠᠬᠤ ᠶᠢ ᠴᠢᠩᠭᠠᠳᠬᠠᠨ᠂ ᠸᠠᠩ ᠤᠨ | ᠤᠷᠳᠤᠨ᠂ ᠱᠢ ᠡᠯ ᠯᠢᠶᠠᠨ ᠴᠧᠩ ᠤᠨ ᠬᠠᠭᠤᠴᠢᠨ ᠬᠤᠳᠠ ᠶᠢᠨ ᠪᠠᠭᠤᠷᠢ ᠶᠢ ᠰᠡᠯᠪᠢᠨ ᠵᠠᠰᠠᠬᠤ ᠪᠠᠬᠢᠵᠢᠬᠦᠯᠬᠦ ᠪᠠᠷᠢᠯᠭ᠎ᠠ ᠶᠢ ᠠᠬᠢᠭᠤᠯᠵᠤ᠂ ᠰᠤᠶᠤᠯ ᠤᠨ ᠠᠮᠢ | ᠠᠬᠤᠢ ᠶᠢᠨ ᠬᠠᠮᠠᠭᠠᠯᠠᠯᠳᠠ ᠶᠢᠨ ᠤᠷᠤᠨ ᠤ ᠪᠦᠳᠤᠭᠡᠨ ᠪᠠᠶᠢᠭᠤᠯᠤᠯᠳᠠ ᠪᠠ ᠪᠤᠳᠠᠰ ᠤᠨ ᠪᠤᠰᠤ ᠰᠤᠶᠤᠯ ᠤᠨ ᠦᠪ ᠢ ᠬᠠᠮᠠᠭᠠᠯᠠᠵᠤ ᠵᠠᠯᠭᠠᠮᠵᠢᠯᠠᠬᠤ ᠶᠢ | ᠴᠢᠩᠭᠠᠳᠬᠠᠨ᠎ᠠ᠃ ᠤᠷᠠᠨ ᠰᠠᠶᠢᠬᠠᠨ ᠤ ᠡᠬᠦᠳᠤᠨ ᠪᠦᠳᠤᠭᠡᠬᠦ ᠬᠦᠴᠤᠯᠡᠴᠡ ᠶᠢ ᠨᠡᠮᠡᠭᠳᠡᠬᠦᠯᠤᠨ᠂ ᠪᠠᠢ ᠯᠢ ᠴᠠᠩ ᠴᠤᠸᠠᠨ᠂ ᠬᠠᠳᠤᠨ ᠭᠤᠤᠯ ᠤᠨ ᠳᠤᠮᠤ ᠬᠠᠪᠴᠢᠯ | ᠵᠡᠷᠭᠡ ᠦᠵᠡᠮᠵᠢ ᠶᠢᠨ ᠤᠷᠤᠨ ᠢᠶᠠᠷ ᠪᠤᠯᠪᠠᠰᠤᠷᠠᠵᠤ ᠳᠤᠬᠯᠠᠬᠤ ᠬᠦᠰᠢᠭᠡ ᠪᠠᠨ ᠪᠤᠯᠭᠠᠬᠰᠠᠨ 4 ᠵᠦᠴᠤᠭᠡ ᠶᠢ ᠨᠠᠶᠢᠷᠠᠭᠤᠯᠤᠨ ᠵᠤᠬᠢᠶᠠᠵᠤ᠂ ᠮᠠᠩᠬᠠᠨ ᠠᠶᠠᠯᠭᠤ ᠶᠢᠨ | ᠤᠷᠠᠯᠢᠭ ᠳᠡᠭᠡᠷ᠎ᠠ ᠰᠢᠨ᠎ᠠ ᠰᠢᠪᠳᠤᠯᠤᠯᠳᠠ ᠲᠠᠢ ᠪᠤᠯᠭᠠᠨ᠂ ᠠᠷᠠᠳ ᠤᠯᠠᠨ ᠳᠤ ᠳᠡᠭᠡᠳᠤ ᠳᠡᠰ ᠤᠨ ᠰᠤᠶᠤᠯ ᠤᠨ ᠠᠮᠢᠳᠤᠷᠠᠯ ᠢ ᠡᠳ᠋ᠯᠡᠬᠦᠯᠤᠨ᠎ᠠ᠃ | ᠨᠡᠶᠢᠭᠡᠮ ᠤᠨ ᠡᠶ᠎ᠡ ᠵᠤᠬᠢᠴᠠᠯ ᠳᠤᠬᠳᠠᠭᠤᠨ ᠢ ᠬᠠᠮᠠᠭᠠᠯᠠᠨ᠎ᠠ᠃ ᠠᠮᠤᠷ ᠳᠦᠪᠰᠢᠨ ᠬᠦᠭᠵᠢᠯᠳᠡ ᠶᠢᠨ ᠤᠶᠢᠯᠠᠭᠠᠬᠳᠠᠬᠤᠨ ᠢ ᠪᠠᠳᠤ ᠪᠠᠬᠢ ᠱᠤᠭᠤᠵᠤ᠂ ᠪᠠᠴᠢᠮ | ᠠᠷᠭᠠᠴᠠᠬᠤ ᠬᠠᠮᠢᠶᠠᠷᠤᠯᠳᠠ ᠶᠢᠨ ᠳᠤᠬᠳᠠᠯᠴᠠᠭ᠎ᠠ ᠶᠢᠨ ᠳᠤᠬᠳᠠᠴᠠ ᠶᠢ ᠴᠢᠨᠠᠬᠰᠢᠳᠠ ᠪᠦᠷᠢᠨᠰᠢᠬᠦᠯᠤᠨ᠂ ᠠᠶᠤᠯᠬᠦᠢ ᠤᠶᠢᠯᠡᠳᠪᠤᠷᠢᠯᠡᠯ ᠤᠨ ᠬᠠᠷᠢᠭᠤᠴᠠᠯᠭ᠎ᠠ ᠶᠢᠨ | ᠳᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠠᠶᠤᠯᠬᠦᠢ ᠶᠢᠨ ᠠᠶᠤᠯ ᠳᠦᠭᠰᠢᠬᠦᠷᠢ ᠶᠢ ᠰᠡᠷᠭᠡᠶᠢᠯᠡᠨ ᠬᠤᠷᠢᠬᠯᠠᠬᠤ ᠪᠠ ᠠᠷᠬᠠᠭ ᠭᠡᠮ ᠢ ᠪᠠᠶᠢᠴᠠᠭᠠᠬᠤ ᠵᠠᠰᠠᠯᠳᠠ ᠶᠢ | ᠰᠠᠶᠢᠳᠤᠷ ᠠᠳᠬᠤᠨ᠂ ᠬᠠᠤᠯᠢ ᠳᠦᠷᠢᠮ ᠢ ᠵᠦᠷᠢᠴᠡᠭᠰᠡᠨ ᠪᠠ ᠳᠤᠰᠢᠶᠠᠯ ᠳᠠᠭᠠᠨ ᠤᠰᠤᠯᠳᠠᠵᠤ ᠳᠤᠰᠢᠶᠠᠯ ᠢᠶᠠᠨ ᠭᠤᠳᠤᠭᠠᠬᠰᠠᠨ ᠠᠵᠢᠯᠯᠠᠭ᠎ᠠ ᠶᠢ ᠬᠠᠤᠯᠢ ᠶᠤᠰᠤᠭᠠᠷ | ᠴᠢᠩᠭ᠎ᠠ ᠶᠠᠯᠠᠯᠠᠵᠤ᠂ ᠠᠶᠤᠯᠬᠦᠢ ᠤᠶᠢᠯᠡᠳᠪᠤᠷᠢᠯᠡᠯ ᠤᠨ ᠭᠡᠷᠡᠭ ᠠᠳᠡᠯ ᠡᠬᠦᠰᠬᠦ ᠶᠢ ᠡᠷᠡᠰ ᠰᠡᠷᠭᠡᠶᠢᠯᠡᠨ ᠬᠤᠷᠢᠬᠯᠠᠨ᠎ᠠ᠃ ᠢᠳᠡᠭᠡᠨ ᠡᠮ ᠤᠨ ᠵᠤᠶᠢᠯ ᠤᠨ ᠠᠮᠤᠷ | ᠳᠦᠪᠰᠢᠨ ᠤ ᠬᠢᠨᠠᠨ ᠬᠠᠮᠢᠶᠠᠷᠤᠯᠳᠠ ᠪᠠ ᠬᠢᠵᠢᠭ ᠤᠨ ᠪᠠᠶᠢᠳᠠᠯ ᠢ ᠰᠡᠷᠭᠡᠶᠢᠯᠡᠨ ᠬᠤᠷᠢᠬᠯᠠᠬᠤ ᠠᠵᠢᠯ ᠢ ᠦᠷᠬᠦᠯᠵᠢᠯᠡᠨ ᠰᠠᠶᠢᠳᠤᠷ ᠠᠳᠬᠤᠵᠤ᠂ ᠨᠡᠩ ᠠᠮᠤᠷ | ᠳᠦᠪᠰᠢᠨ ᠰᠠᠨᠠᠭ᠎ᠠ ᠠᠮᠤᠷ ᠢᠳᠡᠭᠡᠨ ᠤᠮᠳᠠᠭᠠᠨ ᠡᠮ ᠭᠡᠷᠡᠭᠯᠡᠬᠦ ᠤᠷᠴᠢᠨ ᠳᠤᠭᠤᠷᠢᠨ ᠢ ᠡᠬᠦᠳᠤᠨ᠎ᠠ᠃ ᠪᠤᠰᠤᠭ᠎ᠠ ᠴᠤᠬᠴᠠᠳᠤ ᠨᠡᠶᠢᠭᠡᠮ ᠤᠨ ᠠᠮᠤᠷ ᠢ ᠬᠠᠮᠠᠭᠠᠯᠠᠬᠤ | ᠰᠡᠷᠭᠡᠶᠢᠯᠡᠨ ᠬᠤᠷᠢᠬᠯᠠᠬᠤ ᠳᠤᠬᠳᠠᠯᠴᠠᠭ᠎ᠠ ᠶᠢ ᠳᠡᠬᠦᠯᠳᠡᠷᠵᠢᠬᠦᠯᠵᠤ᠂ ᠵᠠᠬᠢᠳᠠᠯ ᠰᠤᠷᠪᠤᠯᠵᠢᠯᠠᠭ᠎ᠠ ᠶᠢ ᠬᠠᠤᠯᠢ ᠪᠠᠷ ᠵᠠᠰᠠᠬᠤ ᠪᠦᠳᠤᠭᠡᠨ ᠪᠠᠶᠢᠭᠤᠯᠤᠯᠳᠠ ᠶᠢ ᠠᠬᠢᠭᠤᠯᠤᠨ᠂ | ᠤᠯᠠᠨ ᠳᠦᠮᠡᠨ ᠤ ᠵᠦᠢ ᠶᠤᠰᠤᠨ ᠤ ᠭᠤᠮᠤᠳᠠᠯ ᠳᠤᠭᠠᠴᠢᠯᠳᠠ ᠶᠢ ᠦᠨᠡᠨ ᠬᠦ ᠰᠠᠶᠢᠳᠤᠷ ᠰᠢᠢᠳᠪᠤᠷᠢᠯᠡᠨ᠎ᠠ᠃ ᠠᠮᠤᠭᠤᠯᠠᠩ ᠵᠡᠬᠦᠨᠭᠠᠷ᠂ ᠬᠠᠤᠯᠢ ᠪᠠᠷ ᠵᠠᠰᠠᠬᠤ | ᠵᠡᠬᠦᠨᠭᠠᠷ ᠤᠨ ᠪᠦᠳᠤᠭᠡᠨ ᠪᠠᠶᠢᠭᠤᠯᠤᠯᠳᠠ ᠶᠢ ᠦᠷᠬᠦᠯᠵᠢᠯᠡᠨ ᠬᠦᠨᠵᠡᠭᠡᠶᠢᠷᠡᠬᠦᠯᠤᠨ᠂ ᠤᠯᠠᠨ ᠨᠡᠶᠢᠳᠡ ᠶᠢᠨ ᠬᠠᠤᠯᠢ ᠴᠠᠭᠠᠵᠠ ᠶᠢᠨ ᠤᠶᠢᠯᠡᠴᠢᠯᠡᠭᠡ ᠶᠢ | ᠴᠢᠩᠭᠠᠳᠬᠠᠵᠤ᠂ ᠬᠦᠨᠳᠤ ᠭᠡᠷᠡᠭ ᠢ ᠳᠠᠩᠨᠠᠨ ᠪᠠᠶᠢᠴᠠᠭᠠᠬᠤ ᠬᠦᠴᠤᠯᠡᠴᠡ ᠪᠠᠨ ᠨᠡᠮᠡᠭᠳᠡᠬᠦᠯᠤᠨ᠂ ᠬᠠᠷ᠎ᠠ ᠪᠦᠯᠦᠭᠳᠡᠨ ᠢ ᠱᠦᠬᠦᠷᠳᠡᠨ ᠬᠠᠷᠬᠢᠰ ᠬᠦᠴᠤᠨ ᠢ ᠠᠷᠢᠯᠭᠠᠬᠤ | ᠳᠤᠰᠬᠠᠢ ᠳᠡᠮᠡᠴᠡᠯ ᠢ ᠬᠦᠨᠵᠡᠭᠡᠢ ᠦᠷᠨᠢᠬᠦᠯᠤᠨ᠎ᠠ᠃ ᠴᠡᠷᠢᠭ ᠠᠴᠠ ᠬᠠᠯᠠᠬᠳᠠᠬᠰᠠᠳ ᠲᠤ ᠤᠶᠢᠯᠡᠴᠢᠯᠡᠬᠦ ᠤᠶᠢᠯᠡᠴᠢᠯᠡᠭᠡ ᠪᠠ ᠬᠠᠮᠢᠶᠠᠷᠤᠯᠳᠠ ᠶᠢ ᠴᠢᠩᠭᠠᠳᠬᠠᠨ᠂ | ᠦᠪᠡᠷᠳᠡᠭᠡᠨ ᠵᠠᠰᠠᠬᠤ ᠤᠷᠤᠨ ᠤ ︽ᠬᠤᠶᠠᠷ ᠢ ᠬᠦᠷᠢᠶᠡᠯᠡᠭᠰᠡᠨ ᠵᠢᠱᠢᠶᠡᠴᠢ ᠬᠤᠳᠠ︾ ᠶᠢ ᠡᠬᠦᠳᠤᠨ ᠪᠠᠶᠢᠭᠤᠯᠬᠤ ᠦᠷ᠎ᠠ ᠪᠦᠳᠤᠮᠵᠢ ᠶᠢ ᠪᠠᠬᠢᠵᠢᠬᠦᠯᠤᠨ᠎ᠠ᠃ ᠨᠡᠶᠢᠭᠡᠮ | ᠤᠨ ᠢᠳᠡᠭᠡᠮᠵᠢ ᠶᠢᠨ ᠳᠤᠬᠳᠠᠯᠴᠠᠭᠠᠨ ᠤ ᠪᠠᠶᠢᠭᠤᠯᠤᠯᠳᠠ ᠶᠢ ᠳᠡᠬᠦᠯᠳᠡᠷᠵᠢᠬᠦᠯᠵᠤ᠂ ᠢᠳᠡᠭᠡᠯ ᠢᠶᠠᠨ ᠠᠯᠳᠠᠬᠰᠠᠨ ᠠᠵᠢᠯᠯᠠᠭ᠎ᠠ ᠳᠤ ᠵᠠᠯᠬᠠᠭᠠᠯ ᠦᠵᠡᠬᠦᠯᠬᠦ ᠬᠦᠴᠤᠯᠡᠴᠡ | ᠪᠠᠨ ᠴᠢᠨᠠᠬᠰᠢᠳᠠ ᠨᠡᠮᠡᠭᠳᠡᠬᠦᠯᠤᠨ᠎ᠠ᠃ ᠦᠨᠳᠤᠰᠤᠳᠡᠨ ᠤ ᠪᠦᠯᠬᠦᠮᠳᠡᠯ ᠳᠠᠪᠰᠢᠯᠳᠠ ᠶᠢᠨ ᠡᠬᠦᠳᠤᠨ ᠪᠠᠶᠢᠭᠤᠯᠬᠤ ᠠᠵᠢᠯᠯᠠᠭ᠎ᠠ ᠶᠢ ᠦᠷᠨᠢᠬᠦᠯᠵᠤ᠂ ᠠᠮᠤᠷ ᠳᠤᠬᠳᠠᠭᠤᠨ | ᠪᠦᠯᠬᠦᠮᠳᠡᠯ ᠲᠠᠢ ᠤᠬᠢ ᠰᠠᠶᠢᠨ ᠪᠠᠶᠢᠳᠠᠯ ᠢ ᠳᠠᠰᠤᠷᠠᠯᠳᠠ ᠦᠭᠡᠢ ᠪᠠᠳᠤᠳᠬᠠᠨ᠎ᠠ᠃ | ᠳᠦᠯᠦᠭᠡᠯᠡᠭᠴᠢᠳ ᠡ᠂ ᠠᠷᠠᠳ ᠤᠯᠠᠨ ᠤ ᠬᠦᠰᠡᠯ ᠡᠷᠡᠮᠡᠯᠵᠡᠯ ᠪᠤᠯ ᠵᠠᠰᠠᠭ ᠶᠠᠪᠤᠭᠤᠯᠬᠤ ᠴᠢᠭᠯᠡᠯ ᠪᠤᠯᠤᠨ᠎ᠠ᠂ ᠪᠢᠳᠠ ᠠᠷᠠᠳ ᠳᠦᠮᠡᠨ ᠢᠶᠠᠷ ᠭᠤᠤᠯ | ᠪᠤᠯᠭᠠᠬᠤ ᠬᠦᠭᠵᠢᠯᠳᠡ ᠶᠢᠨ ᠦᠵᠡᠯ ᠰᠠᠨᠠᠭ᠎ᠠ ᠶᠢ ᠪᠠᠷᠢᠮᠳᠠᠯᠠᠨ᠂ ᠠᠷᠠᠳ ᠤᠨ ᠠᠮᠢᠳᠤᠷᠠᠯ ᠤᠨ ᠳᠦᠯᠦᠭᠡ ᠢᠯᠡᠬᠦᠦ ᠪᠤᠳᠤᠯᠬᠢᠯᠠᠨ᠂ ᠠᠷᠠᠳ ᠤᠨ ᠠᠮᠢᠳᠤᠷᠠᠯ ᠤᠨ | ᠵᠤᠪᠠᠯ ᠵᠦᠳᠡᠬᠦᠷᠢ ᠶᠢ ᠢᠯᠡᠬᠦᠦ ᠰᠢᠢᠳᠪᠤᠷᠢᠯᠡᠵᠤ᠂ ᠪᠦᠬᠦ ᠬᠤᠰᠢᠭᠤᠨ ᠤ ᠠᠷᠠᠳ ᠳᠦᠮᠡᠨ ᠢ ᠨᠡᠩ ᠳᠠᠭᠠᠯᠠᠮᠵᠢᠳᠠᠢ᠂ ᠭᠤᠶᠤ ᠰᠠᠶᠢᠬᠠᠨ᠂ ᠵᠤᠯ ᠵᠢᠷᠭᠠᠯ ᠲᠠᠢ | ᠠᠮᠢᠳᠤᠷᠠᠭᠤᠯᠬᠤ ᠪᠠᠷ ᠴᠢᠷᠮᠠᠶᠢᠨ᠎ᠠ︕ | ︵ᠳᠤᠯᠤᠭ᠎ᠠ︶ ᠵᠠᠰᠠᠭ ᠤᠨ ᠤᠷᠳᠤᠨ ᠤ ᠳᠤᠰ ᠪᠡᠶ᠎ᠡ ᠶᠢᠨ ᠪᠠᠶᠢᠭᠤᠯᠤᠯᠳᠠ ᠶᠢ ᠴᠢᠩᠭᠠᠳᠬᠠᠵᠤ᠂ ᠴᠢᠨᠡᠭᠡᠯᠢᠭ ᠨᠡᠶᠢᠭᠡᠮ ᠳᠤ ᠤᠶᠢᠯᠡᠴᠢᠯᠡᠬᠦ᠂ ᠠᠷᠠᠳ ᠤᠯᠠᠨ ᠳᠤ | ᠤᠶᠢᠯᠡᠴᠢᠯᠡᠬᠦ ᠴᠢᠳᠠᠪᠤᠷᠢ ᠶᠢ ᠳᠠᠰᠤᠷᠠᠯᠳᠠ ᠦᠭᠡᠢ ᠳᠡᠭᠡᠭᠰᠢᠯᠡᠬᠦᠯᠤᠨ᠎ᠠ᠃ | ᠬᠠᠤᠯᠢ ᠪᠠᠷ ᠵᠠᠰᠠᠬᠤ ᠵᠠᠰᠠᠭ ᠤᠨ ᠤᠷᠳᠤᠨ ᠢ ᠪᠦᠳᠤᠭᠡᠨ ᠪᠠᠶᠢᠭᠤᠯᠤᠨ᠎ᠠ᠃ ᠬᠠᠤᠯᠢ ᠶᠤᠰᠤᠭᠠᠷ ᠵᠠᠰᠠᠭ ᠶᠠᠪᠤᠭᠤᠯᠬᠤ ᠶᠢ ᠪᠠᠷᠢᠮᠳᠠᠯᠠᠨ᠂ ᠵᠠᠰᠠᠭ ᠤᠨ ᠤᠷᠳᠤᠨ | ᠤ ᠠᠵᠢᠯᠯᠠᠭ᠎ᠠ ᠶᠢ ᠬᠠᠤᠯᠢ ᠪᠠᠷ ᠵᠠᠰᠠᠬᠤ ᠵᠠᠮ ᠳᠤ ᠪᠦᠬᠦ ᠳᠠᠯ᠎ᠠ ᠪᠠᠷ ᠤᠷᠤᠭᠤᠯᠵᠤ᠂ ᠬᠠᠤᠯᠢ ᠪᠠᠷ ᠳᠤᠬᠳᠠᠭᠠᠬᠰᠠᠨ ᠡᠷᠭᠡ ᠶᠢᠨ ᠬᠢᠵᠠᠭᠠᠷᠯᠠᠯ ᠪᠠ ᠳᠡᠰ ᠳᠠᠷᠠᠭᠠᠯᠠᠯ | ᠢᠶᠠᠷ ᠡᠷᠭᠡ ᠶᠢ ᠭᠡᠷᠡᠭᠯᠡᠵᠤ ᠳᠤᠰᠢᠶᠠᠯ ᠢ ᠬᠦᠢᠴᠡᠳᠭᠡᠨ᠂ ᠵᠠᠰᠠᠭ ᠤᠨ ᠤᠷᠳᠤᠨ ᠤ ᠤᠴᠢᠷ ᠶᠠᠪᠤᠳᠠᠯ ᠵᠦᠪᠯᠡᠬᠦ ᠳᠦᠷᠢᠮ ᠪᠠ ᠰᠢᠢᠳᠪᠤᠷᠢᠳᠤ ᠪᠤᠳᠤᠯᠭ᠎ᠠ ᠳᠤᠬᠳᠠᠭᠠᠬᠤ | ᠳᠡᠰ ᠳᠠᠷᠠᠭᠠᠯᠠᠯ ᠢ ᠴᠢᠩᠭ᠎ᠠ ᠪᠤᠯᠭᠠᠵᠤ᠂ ᠬᠠᠤᠯᠢ ᠳᠤ ᠬᠦᠯᠢᠶᠡᠰᠦᠯᠡᠬᠦ ᠦᠭᠡᠢ ᠡᠷᠭᠡ ᠶᠢ ᠭᠡᠷᠡᠭᠯᠡᠬᠦ ᠦᠭᠡᠢ᠂ ᠬᠠᠤᠯᠢ ᠪᠠᠷ ᠳᠤᠬᠳᠠᠭᠠᠬᠰᠠᠨ ᠳᠤᠰᠢᠶᠠᠯ ᠬᠠᠷᠢᠭᠤᠴᠠᠯᠭ᠎ᠠ | ᠶᠢ ᠵᠠᠪᠠᠯ ᠬᠦᠢᠴᠡᠳᠭᠡᠬᠦ ᠶᠢ ᠪᠡᠶᠡᠯᠡᠬᠦᠯᠤᠨ᠎ᠠ᠃ ︽ᠭᠤᠷᠪᠠᠨ ᠴᠢᠬᠤᠯᠠ ᠨᠢᠭᠡ ᠳᠤᠮᠤ︾ ᠰᠢᠢᠳᠪᠤᠷᠢᠳᠤ ᠪᠤᠳᠤᠯᠭ᠎ᠠ ᠶᠢᠨ ᠳᠤᠬᠳᠠᠴᠠ ᠶᠢ ᠨᠠᠷᠢᠨ ᠬᠢᠨᠠᠮᠠᠭᠠᠢ | ᠨᠠᠶᠢᠳᠠᠪᠤᠷᠢᠵᠢᠭᠤᠯᠤᠨ᠂ ᠴᠢᠬᠤᠯᠠ ᠶᠡᠭᠡ ᠰᠢᠢᠳᠪᠤᠷᠢᠳᠤ ᠪᠤᠳᠤᠯᠭ᠎ᠠ ᠶᠢ ᠳᠤᠬᠳᠠᠭᠠᠬᠤ ᠤᠷᠢᠳᠴᠢᠯᠠᠬᠰᠠᠨ ᠳᠡᠰ ᠳᠠᠷᠠᠭᠠᠯᠠᠯ ᠳᠤ ᠳᠤᠰᠬᠠᠢ ᠮᠡᠷᠭᠡᠵᠢᠯᠳᠡᠨ ᠢᠶᠠᠷ | ᠨᠤᠳᠠᠯᠠᠯᠳᠠ ᠬᠢᠯᠭᠡᠨ᠂ ᠵᠠᠰᠠᠭ ᠤᠨ ᠤᠷᠳᠤᠨ ᠤ ᠰᠢᠨᠵᠢᠯᠡᠬᠦ ᠤᠬᠠᠭᠠᠨᠴᠢ ᠪᠠᠷ ᠰᠢᠢᠳᠪᠤᠷᠢᠳᠤ ᠪᠤᠳᠤᠯᠭ᠎ᠠ ᠳᠤᠬᠳᠠᠭᠠᠬᠤ ᠬᠢᠷᠢ ᠳᠦᠪᠰᠢᠨ ᠢ ᠴᠢᠷᠮᠠᠶᠢᠨ | ᠳᠡᠭᠡᠭᠰᠢᠯᠡᠬᠦᠯᠤᠨ᠎ᠠ᠃ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠵᠢᠴᠢ ᠪᠠᠶᠢᠩᠭᠤ ᠶᠢᠨ ᠬᠤᠷᠢᠶᠠᠨ ᠤ ᠬᠠᠤᠯᠢ ᠴᠠᠭᠠᠵᠠ ᠶᠢᠨ ᠬᠢᠨᠠᠯᠳᠠ᠂ ᠠᠵᠢᠯ ᠤᠨ | ᠬᠢᠨᠠᠯᠳᠠ ᠪᠠ ᠤᠯᠤᠰ ᠳᠦᠷᠦ ᠶᠢᠨ ᠵᠦᠪᠯᠡᠯᠭᠡᠨ ᠤ ᠠᠷᠠᠳᠴᠢᠯᠠᠯᠳᠤ ᠬᠢᠨᠠᠯᠳᠠ ᠶᠢ ᠰᠠᠨᠠᠭᠠᠴᠢᠯᠠᠭ᠎ᠠ ᠲᠠᠢ ᠪᠠᠷ ᠬᠦᠯᠢᠶᠡᠨ ᠠᠪᠴᠤ᠂ ᠠᠷᠠᠳ ᠤᠨ ᠳᠦᠯᠦᠭᠡᠯᠡᠭᠴᠢᠳ | ᠤᠨ ᠶᠡᠭᠡ ᠬᠤᠷᠠᠯ ᠤᠨ ᠳᠦᠯᠦᠭᠡᠯᠡᠭᠴᠢᠳ ᠤᠨ ᠰᠠᠨᠠᠯ ᠰᠠᠨᠠᠭᠤᠯᠭ᠎ᠠ᠂ ᠤᠯᠤᠰ ᠳᠦᠷᠦ ᠶᠢᠨ ᠵᠦᠪᠯᠡᠯᠭᠡᠨ ᠤ ᠭᠡᠰᠢᠬᠦᠳ ᠤᠨ ᠰᠠᠨᠠᠯ ᠳᠤᠷᠠᠳᠤᠯᠭ᠎ᠠ ᠶᠢ | ᠨᠠᠶᠢᠳᠠᠪᠤᠷᠢᠵᠢᠭᠤᠯᠬᠤ ᠨᠤᠷᠮ᠎ᠠ᠂ ᠬᠠᠨᠤᠮᠵᠢᠳᠠᠢ ᠨᠤᠷᠮ᠎ᠠ ᠶᠢ ᠴᠢᠨᠠᠬᠰᠢᠳᠠ ᠳᠡᠭᠡᠭᠰᠢᠯᠡᠬᠦᠯᠤᠨ᠎ᠠ᠃ ᠳᠤᠷᠰᠢᠯᠳᠠ ᠶᠢᠨ ᠴᠡᠭ ᠭᠠᠷᠭᠠᠵᠤ ᠵᠠᠰᠠᠭ ᠤᠨ ᠤᠷᠳᠤᠨ ᠤ ᠠᠷᠠᠳ | ᠤᠨ ᠠᠮᠢᠳᠤᠷᠠᠯ ᠤᠨ ᠪᠤᠳᠠᠳᠤ ᠶᠠᠪᠤᠳᠠᠯ ᠤᠨ ᠳᠦᠷᠤᠯ ᠵᠤᠶᠢᠯ ᠤᠨ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠳᠦᠯᠦᠭᠡᠯᠡᠭᠴᠢ ᠶᠢᠨ ᠪᠢᠯᠧᠲ ᠢᠶᠠᠷ | ᠪᠠᠳᠤᠯᠠᠬᠤ ᠳᠦᠷᠢᠮ ᠤᠨ ᠠᠵᠢᠯᠯᠠᠭ᠎ᠠ ᠶᠢ ᠦᠷᠨᠢᠬᠦᠯᠵᠤ᠂ ᠠᠷᠠᠳ ᠤᠨ ᠠᠮᠢᠳᠤᠷᠠᠯ ᠤᠨ ᠪᠤᠳᠠᠳᠤ ᠶᠠᠪᠤᠳᠠᠯ ᠢ ᠦᠨᠡᠨ ᠬᠦ ᠪᠤᠳᠠᠳᠠᠢ ᠬᠦᠢᠴᠡᠳᠭᠡᠨ᠂ ᠰᠠᠶᠢᠳᠤᠷ | ᠬᠦᠢᠴᠡᠳᠭᠡᠨ᠎ᠠ᠃ | ᠦᠨᠳᠤᠷ ᠪᠦᠳᠤᠮᠵᠢᠳᠤ ᠵᠠᠰᠠᠭ ᠤᠨ ᠤᠷᠳᠤᠨ ᠢ ᠪᠠᠶᠢᠭᠤᠯᠤᠨ᠎ᠠ᠃ ᠵᠠᠰᠠᠭ ᠤᠨ ᠤᠷᠳᠤᠨ ᠤ ᠪᠠᠶᠢᠭᠤᠯᠤᠮᠵᠢ ᠪᠠ ᠴᠢᠳᠠᠪᠬᠢ ᠶᠢᠨ ᠳᠤᠬᠢᠷᠠᠭᠤᠯᠤᠯᠳᠠ ᠶᠢ | ᠳᠤᠬᠢᠷᠠᠭᠤᠯᠤᠨ ᠰᠢᠯᠢᠳᠡᠭᠵᠢᠬᠦᠯᠵᠤ᠂ 3 ᠰᠠᠷ᠎ᠠ ᠶᠢᠨ ᠰᠡᠬᠦᠯᠴᠢ ᠠᠴᠠ ᠡᠮᠤᠨ᠎ᠠ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠪᠠᠶᠢᠭᠤᠯᠤᠮᠵᠢ ᠶᠢᠨ ᠦᠭᠡᠷᠡᠴᠢᠯᠡᠯᠳᠡ ᠶᠢᠨ | ᠡᠬᠦᠷᠭᠡ ᠶᠢ ᠦᠨᠳᠤᠰᠤᠨ ᠳᠡᠭᠡᠨ ᠪᠡᠶᠡᠯᠡᠬᠦᠯᠵᠤ᠂ ᠵᠤᠬᠢᠴᠠᠩᠭᠤᠢ ᠦᠨᠳᠤᠷ ᠪᠦᠳᠤᠮᠵᠢᠳᠤ ᠪᠠᠶᠢᠭᠤᠯᠤᠮᠵᠢ ᠴᠢᠳᠠᠪᠬᠢ ᠶᠢᠨ ᠳᠤᠬᠳᠠᠯᠴᠠᠭ᠎ᠠ ᠶᠢ ᠪᠦᠷᠢᠯᠳᠦᠬᠦᠯᠤᠨ᠎ᠠ᠃ | ᠭᠡᠯᠡᠪᠡᠯ ᠬᠢᠵᠤ᠂ ᠬᠢᠪᠡᠯ ᠪᠦᠳᠤᠭᠡᠨ᠂ ᠵᠠᠰᠠᠭ ᠤᠨ ᠤᠷᠳᠤᠨ ᠤ ᠢᠳᠡᠭᠡᠯ ᠢ ᠳᠡᠭᠡᠭᠰᠢᠯᠡᠬᠦᠯᠤᠨ᠎ᠠ᠃ ᠭᠡᠯᠡᠪᠡᠯ ᠬᠢᠵᠤ᠂ ᠬᠢᠪᠡᠯ ᠪᠦᠳᠤᠭᠡᠨ᠂ ᠬᠢᠪᠡᠯ ᠰᠠᠶᠢᠨ ᠬᠢᠬᠦ | ᠪᠤᠳᠠᠳᠠᠢ ᠠᠵᠢᠯᠯᠠᠬᠤ ᠵᠤᠷᠢᠭ ᠰᠠᠨᠠᠭ᠎ᠠ ᠶᠢ ᠶᠡᠭᠡ ᠪᠠᠷ ᠤᠷᠢᠶᠠᠯᠠᠨ᠂ ᠭᠡᠯᠡᠪᠡᠯ ᠬᠦᠳᠡᠯᠤᠯᠴᠡᠵᠤ᠂ ᠳᠠᠷᠤᠢ ᠳᠦᠷᠭᠡᠨ ᠪᠡᠶᠡᠯᠡᠬᠦᠯᠬᠦ ᠠᠵᠢᠯ ᠤᠨ ᠰᠤᠷᠳᠠᠯ ᠢ ᠪᠠᠳᠠᠷᠠᠭᠤᠯᠵᠤ | ᠂ ᠺᠠᠳ᠋ᠷᠴᠤᠳ ᠤᠨ ᠬᠦᠢᠴᠡᠳᠭᠡᠬᠦ ᠴᠢᠳᠠᠪᠤᠷᠢ ᠶᠢ ᠴᠢᠩᠭᠠᠳᠬᠠᠨ᠂ ᠵᠠᠰᠠᠭ ᠤᠨ ᠤᠷᠳᠤᠨ ᠤ ᠳᠠᠶᠢᠴᠢᠨ ᠬᠦᠴᠤᠨ ᠢ ᠳᠡᠭᠡᠭᠰᠢᠯᠡᠬᠦᠯᠤᠨ᠎ᠠ᠃ ᠪᠠᠶᠢᠴᠠᠭᠠᠨ ᠰᠣᠳᠤᠯᠤᠯᠳᠠ | ᠬᠢᠬᠦ ᠰᠤᠷᠳᠠᠯ ᠢ ᠶᠡᠭᠡ ᠪᠠᠷ ᠪᠠᠳᠠᠷᠠᠭᠤᠯᠤᠨ᠂ ᠦᠨᠳᠤᠰᠤᠨ ᠱᠠᠳᠤᠨ ᠳᠤ ᠪᠤᠳᠠᠳᠤ ᠪᠠᠶᠢᠳᠠᠯ ᠢ ᠤᠶᠢᠯᠠᠭᠠᠬᠤ ᠶᠢ ᠪᠠᠷᠢᠮᠳᠠᠯᠠᠨ᠂ ᠦᠨᠳᠤᠰᠤᠨ ᠱᠠᠳᠤᠨ ᠳᠤ ᠠᠰᠠᠭᠤᠳᠠᠯ | ᠢ ᠢᠯᠡᠷᠡᠬᠦᠯᠤᠨ᠂ ᠦᠨᠳᠤᠰᠤᠨ ᠱᠠᠳᠤᠨ ᠳᠤ ᠠᠰᠠᠭᠤᠳᠠᠯ ᠢ ᠰᠢᠢᠳᠪᠤᠷᠢᠯᠡᠨ᠎ᠠ᠃ ᠪᠢᠴᠢᠭ ᠮᠠᠲ᠋ᠧᠷᠢᠶᠠᠯ ᠪᠠ ᠬᠤᠷᠠᠯ ᠢ ᠶᠡᠭᠡ ᠪᠠᠷ ᠴᠦᠭᠡᠳᠭᠡᠨ᠂ ᠪᠢᠴᠢᠭ ᠮᠠᠲ᠋ᠧᠷᠢᠶᠠᠯ | ᠢᠶᠠᠷ ᠪᠢᠴᠢᠭ ᠮᠠᠲ᠋ᠧᠷᠢᠶᠠᠯ ᠢ ᠨᠠᠶᠢᠳᠠᠪᠤᠷᠢᠵᠢᠭᠤᠯᠵᠤ ᠬᠤᠷᠠᠯ ᠢᠶᠠᠷ ᠬᠤᠷᠠᠯ ᠢ ᠨᠠᠶᠢᠳᠠᠪᠤᠷᠢᠵᠢᠭᠤᠯᠬᠤ ᠶᠢ ᠡᠷᠡᠰ ᠬᠤᠷᠢᠬᠯᠠᠨ᠂ ᠴᠦᠭᠡᠨ ᠬᠤᠷᠠᠯ ᠬᠢᠵᠤ ᠤᠬᠤᠷᠬᠠᠨ | ᠬᠤᠷᠠᠯ ᠬᠢᠵᠤ᠂ ᠭᠡᠷᠡᠭᠳᠡᠢ ᠬᠤᠷᠠᠯ ᠢ ᠬᠢᠨ᠎ᠠ᠃ | ᠤᠶᠢᠯᠡᠴᠢᠯᠡᠭᠡ ᠬᠢᠳᠡᠭ ᠵᠠᠰᠠᠭ ᠤᠨ ᠤᠷᠳᠤᠨ ᠢ ᠪᠠᠶᠢᠭᠤᠯᠤᠨ᠎ᠠ᠃ ᠠᠷᠠᠳ ᠤᠯᠠᠨ ᠤ ᠠᠩᠬᠠᠷᠳᠠᠭ ᠤᠴᠢᠷ ᠶᠠᠪᠤᠳᠠᠯ ᠠᠴᠠ ᠭᠠᠷᠳᠠᠬᠤ ᠶᠢ ᠪᠠᠷᠢᠮᠳᠠᠯᠠᠨ᠂ ᠠᠷᠠᠳ | ᠤᠯᠠᠨ ᠤ ᠰᠡᠳᠬᠢᠯ ᠬᠠᠨᠤᠮᠵᠢᠳᠠᠢ ᠤᠴᠢᠷ ᠶᠠᠪᠤᠳᠠᠯ ᠠᠴᠠ ᠭᠠᠷᠳᠠᠨ ᠬᠢᠵᠤ᠂ ᠵᠠᠰᠠᠭ ᠵᠠᠬᠢᠷᠭᠠᠨ ᠤ ᠭᠠᠷ ᠬᠦᠢᠴᠡᠳᠭᠡᠯ ᠢ ᠳᠦᠬᠦᠮᠴᠢᠯᠡᠨ ᠤᠴᠢᠷ ᠶᠠᠪᠤᠳᠠᠯ ᠪᠦᠳᠤᠭᠡᠬᠦ | ᠦᠪᠡᠷ ᠤᠨ ᠦᠷᠳᠡᠭ ᠢ ᠪᠠᠭᠤᠷᠠᠭᠤᠯᠵᠤ ᠬᠤᠳᠠᠯᠳᠤᠭ᠎ᠠ ᠡᠷᠬᠢᠯᠡᠬᠦ ᠤᠷᠴᠢᠨ ᠳᠤᠭᠤᠷᠢᠨ ᠢ ᠰᠢᠯᠢᠳᠡᠭᠵᠢᠬᠦᠯᠤᠨ ᠨᠡᠶᠢᠭᠡᠮ ᠤᠨ ᠠᠮᠢᠵᠢᠷᠠᠯ ᠤᠨ ᠬᠦᠴᠤᠨ ᠢ ᠬᠦᠭᠵᠢᠭᠡᠬᠦ | ᠵᠡᠷᠭᠡ ᠳᠠᠯ᠎ᠠ ᠳᠡᠭᠡᠷ᠎ᠠ ᠦᠷᠬᠦᠯᠵᠢᠯᠡᠨ ᠬᠦᠴᠤ ᠳᠠᠯᠪᠢᠵᠤ᠂ ᠵᠠᠰᠠᠭ ᠤᠨ ᠶᠠᠪᠤᠳᠠᠯ ᠤᠨ ᠤᠶᠢᠯᠡᠴᠢᠯᠡᠭᠡᠨ ᠤ ᠴᠢᠨᠠᠷᠵᠢᠯ ᠢ ᠴᠢᠨᠠᠬᠰᠢᠳᠠ ᠳᠡᠭᠡᠭᠰᠢᠯᠡᠬᠦᠯᠤᠨ᠎ᠠ᠃ | ᠬᠦᠭᠵᠢᠬᠦᠯᠬᠦ ᠪᠤᠯ ᠳᠡᠷᠢᠬᠦᠨ ᠴᠢᠬᠤᠯᠠ ᠡᠬᠦᠷᠭᠡ ᠭᠡᠳᠡᠭ ᠢ ᠪᠠᠷᠢᠮᠳᠠᠯᠠᠨ᠂ ᠭᠤᠤᠯᠳᠠᠯᠭ᠎ᠠ ᠶᠢ ᠳᠤᠪᠤᠶᠢᠯᠭᠠᠵᠤ᠂ ᠤᠨᠤᠪᠴᠢᠳᠠᠢ ᠬᠦᠴᠤᠯᠡᠨ᠂ ᠭᠤᠤᠯᠳᠠᠯᠭ᠎ᠠ ᠲᠠᠢ | ᠠᠵᠢᠯ ᠭᠤᠤᠯᠳᠠᠯᠭ᠎ᠠ ᠲᠠᠢ ᠳᠦᠷᠤᠯ ᠵᠤᠶᠢᠯ ᠤᠨ ᠨᠤᠳᠤᠬᠰᠢᠵᠤ ᠨᠠᠶᠢᠳᠠᠪᠤᠷᠢᠵᠢᠬᠳᠠᠬᠤ ᠶᠢ ᠪᠦᠬᠦ ᠬᠦᠴᠤᠨ ᠢᠶᠠᠷ ᠢᠶᠠᠨ ᠠᠬᠢᠭᠤᠯᠵᠤ᠂ ᠪᠦᠬᠦ ᠬᠤᠰᠢᠭᠤᠨ ᠤ ᠠᠵᠤ | ᠠᠬᠤᠢ ᠶᠢᠨ ᠴᠢᠨᠠᠷ ᠰᠠᠶᠢᠳᠠᠢ ᠬᠦᠭᠵᠢᠯᠳᠡ ᠶᠢ ᠠᠬᠢᠭᠤᠯᠤᠨ᠎ᠠ᠃ | ᠠᠷᠢᠭᠤᠨ ᠴᠢᠭᠡᠴᠢ ᠵᠠᠰᠠᠭ ᠤᠨ ᠤᠷᠳᠤᠨ ᠢ ᠪᠠᠶᠢᠭᠤᠯᠤᠨ᠎ᠠ᠃ ᠵᠠᠰᠠᠭ ᠤᠨ ᠤᠷᠳᠤᠨ ᠤ ᠰᠢᠰᠲ᠋ᠧᠮ ᠤᠨ ᠨᠠᠮ ᠤᠨ ᠰᠤᠷᠳᠠᠯ ᠴᠢᠭᠡᠴᠢ ᠵᠠᠰᠠᠭ ᠤᠨ | ᠪᠠᠶᠢᠭᠤᠯᠤᠯᠳᠠ ᠪᠠ ᠨᠠᠮ ᠤᠨ ᠤᠯᠤᠰ ᠳᠦᠷᠦ ᠶᠢᠨ ᠪᠠᠶᠢᠭᠤᠯᠤᠯᠳᠠ ᠶᠢ ᠬᠦᠨᠵᠡᠭᠡᠢ ᠠᠬᠢᠭᠤᠯᠤᠨ᠂ ᠵᠠᠰᠠᠭ ᠤᠨ ᠤᠷᠳᠤᠨ ᠤ ᠡᠷᠭᠡ ᠪᠠᠨ ᠶᠠᠪᠤᠭᠤᠯᠬᠤ ᠬᠦᠯᠢᠶᠡᠰᠤᠯᠡᠯ | ᠪᠠ ᠬᠢᠨᠠᠯᠳᠠ ᠶᠢ ᠴᠢᠩᠭᠠᠳᠬᠠᠨ᠂ ᠪᠠᠷᠢᠯᠭ᠎ᠠ ᠶᠢᠨ ᠪᠦᠳᠤᠭᠡᠨ ᠪᠠᠶᠢᠭᠤᠯᠤᠯᠳᠠ᠂ ᠤᠯᠤᠰ ᠤᠨ ᠡᠳ᠋ ᠬᠦᠷᠦᠩᠭᠡ ᠶᠢᠨ ᠬᠢᠨᠠᠨ ᠬᠠᠮᠢᠶᠠᠷᠤᠯᠳᠠ᠂ ᠪᠡᠯᠡ ᠮᠦᠩᠬᠦᠨ ᠤ | ᠬᠤᠪᠢᠶᠠᠷᠢᠯᠠᠯᠳᠠ ᠭᠡᠷᠡᠭᠯᠡᠯᠳᠡ ᠵᠡᠷᠭᠡ ᠭᠤᠤᠯᠳᠠᠯᠭ᠎ᠠ ᠲᠠᠢ ᠬᠦᠷᠢᠶ᠎ᠠ ᠴᠠᠷᠠᠭ᠎ᠠ ᠶᠢᠨ ᠳᠤᠭᠤᠷᠢᠨ ᠳᠤ᠂ ᠬᠢᠨᠠᠨ ᠪᠤᠳᠤᠵᠤ ᠬᠢᠨᠠᠯᠳᠠ ᠳᠠᠯᠪᠢᠬᠤ ᠪᠠ ᠴᠢᠭᠡᠴᠢ ᠵᠠᠰᠠᠭ ᠤᠨ | ᠠᠶᠤᠯ ᠳᠦᠭᠰᠢᠬᠦᠷᠢ ᠶᠢ ᠰᠡᠷᠭᠡᠶᠢᠯᠡᠬᠦ ᠶᠢ ᠴᠢᠩᠭᠠᠳᠬᠠᠨ᠎ᠠ᠃ ᠳᠦᠪ ᠤᠨ ᠨᠠᠢᠮᠠᠨ ᠳᠤᠬᠳᠠᠭᠠᠯ ᠵᠢᠴᠢ ᠨᠠᠢᠮᠠᠨ ᠳᠤᠬᠳᠠᠭᠠᠯ ᠢ ᠭᠡᠷᠡᠭᠵᠢᠬᠦᠯᠬᠦ ᠨᠠᠷᠢᠨ ᠳᠦᠷᠢᠮ ᠤᠨ | ᠵᠤᠷᠢᠭ ᠰᠠᠨᠠᠭ᠎ᠠ ᠪᠠ ᠦᠪᠡᠷᠳᠡᠭᠡᠨ ᠵᠠᠰᠠᠬᠤ ᠤᠷᠤᠨ᠂ ᠬᠤᠳᠠ᠂ ᠬᠤᠰᠢᠭᠤᠨ ᠤ ᠳᠦᠬᠦᠷᠵᠢᠬᠦᠯᠦᠭᠰᠡᠨ ᠠᠷᠭ᠎ᠠ ᠶᠢ ᠴᠢᠩᠭ᠎ᠠ ᠨᠠᠶᠢᠳᠠᠪᠤᠷᠢᠵᠢᠭᠤᠯᠤᠨ᠂ ᠰᠢᠷᠭᠠᠭᠤ | ᠬᠠᠳᠠᠭᠤᠵᠢᠯᠳᠠᠢ ᠳᠡᠮᠡᠴᠡᠵᠤ᠂ ᠠᠷᠪᠢᠯᠠᠨ ᠭᠠᠮᠨᠠᠬᠤ ᠰᠢᠯᠢᠳᠡᠭ ᠤᠯᠠᠮᠵᠢᠯᠠᠯ ᠢ ᠪᠠᠳᠠᠷᠠᠭᠤᠯᠤᠨ᠂ ︽ᠳᠦᠷᠪᠡᠨ ᠰᠤᠷᠳᠠᠯ︾ ᠤᠨ ᠠᠰᠠᠭᠤᠳᠠᠯ ᠳᠠᠬᠢᠨ ᠳᠡᠯᠭᠡᠷᠡᠬᠦ ᠶᠢ | ᠡᠷᠡᠰ ᠬᠤᠷᠢᠬᠯᠠᠨ᠎ᠠ᠃ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠤᠨ ᠠᠵᠢᠯ ᠢ ᠪᠦᠬᠦ ᠬᠦᠴᠤᠨ ᠢᠶᠠᠷ ᠢᠶᠠᠨ ᠳᠡᠮᠵᠢᠵᠤ᠂ ᠳᠦᠪ | ᠰᠤᠷᠳᠠᠯ ᠴᠢᠩᠭ᠎ᠠ ᠰᠠᠬᠢᠯᠭ᠎ᠠ ᠶᠢ ᠵᠢᠷᠤᠮᠯᠠᠨ᠂ ᠳᠦᠪ ᠰᠤᠷᠳᠠᠯ ᠲᠠᠢ ᠠᠵᠤ ᠠᠬᠤᠢ ᠨᠡᠶᠢᠭᠡᠮ ᠤᠨ ᠬᠦᠭᠵᠢᠯᠳᠡ ᠶᠢᠨ ᠤᠷᠴᠢᠨ ᠳᠤᠭᠤᠷᠢᠨ ᠢ ᠪᠦᠷᠢᠯᠳᠦᠬᠦᠯᠤᠨ᠎ᠠ᠃ | ᠳᠦᠯᠦᠭᠡᠯᠡᠭᠴᠢᠳ ᠡ᠂ ᠰᠢᠨ᠎ᠠ ᠴᠠᠭ ᠦᠶ᠎ᠠ ᠳᠤ ᠰᠠᠭᠤᠷᠢᠯᠠᠨ᠂ ᠰᠢᠨ᠎ᠠ ᠬᠦᠭᠵᠢᠯᠳᠡ ᠶᠢ ᠡᠷᠢᠯᠬᠢᠯᠡᠵᠤ᠂ ᠰᠢᠨ᠎ᠠ ᠬᠠᠷᠠᠯᠳᠠ ᠶᠢ ᠪᠡᠶᠡᠯᠡᠬᠦᠯᠤᠨ᠎ᠠ᠃ ᠪᠢᠳᠠ ᠰᠢ | ᠶᠢᠨ ᠫᠢᠩ ᠨᠦᠬᠦᠷ ᠢᠶᠠᠷ ᠭᠤᠤᠯᠯᠠᠬᠴᠢ ᠪᠤᠯᠭᠠᠬᠰᠠᠨ ᠨᠠᠮ ᠤᠨ ᠳᠦᠪ ᠬᠤᠷᠢᠶᠠᠨ ᠤ ᠳᠤᠭᠤᠷᠢᠨ ᠳᠤ ᠨᠢᠬᠳᠠᠷᠠᠨ ᠪᠦᠯᠬᠦᠮᠳᠡᠵᠤ᠂ ᠰᠢ ᠶᠢᠨ ᠫᠢᠩ ᠤᠨ ᠰᠢᠨ᠎ᠠ ᠴᠠᠭ | ᠦᠶ᠎ᠠ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭᠠᠨ ᠤ ᠠᠭᠤᠤ ᠶᠡᠭᠡ ᠳᠤᠭ ᠢ ᠦᠨᠳᠤᠷ ᠮᠠᠨᠳᠤᠭᠤᠯᠤᠨ᠂ ᠬᠤᠰᠢᠭᠤᠨ ᠤ | ᠨᠠᠮ ᠤᠨ ᠬᠤᠷᠢᠶᠠᠨ ᠤ ᠪᠠᠳᠤ ᠴᠢᠩᠭ᠎ᠠ ᠤᠳᠤᠷᠢᠳᠤᠯᠭ᠎ᠠ ᠳᠤᠤᠷ᠎ᠠ᠂ ᠬᠤᠰᠢᠭᠤᠨ ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ | ᠂ ᠤᠯᠤᠰ ᠳᠦᠷᠦ ᠶᠢᠨ ᠵᠦᠪᠯᠡᠯᠭᠡᠨ ᠤ ᠬᠢᠨᠠᠯᠳᠠ ᠳᠡᠮᠵᠢᠯᠭᠡ ᠳᠤᠤᠷ᠎ᠠ᠂ ᠪᠦᠬᠦ ᠬᠤᠰᠢᠭᠤᠨ ᠤ ᠡᠯ᠎ᠡ ᠦᠨᠳᠤᠰᠤᠳᠡᠨ ᠤ ᠠᠷᠠᠳ ᠳᠦᠮᠡᠨ ᠲᠠᠢ ᠨᠢᠬᠳᠠᠷᠠᠨ | ᠪᠦᠯᠬᠦᠮᠳᠡᠵᠤ ᠳᠡᠳᠡᠨ ᠳᠤ ᠳᠦᠰᠢᠭᠯᠡᠵᠤ᠂ ᠤᠭ ᠰᠠᠨᠠᠭ᠎ᠠ ᠪᠠᠨ ᠦᠯᠦ ᠮᠠᠷᠳᠠᠨ᠂ ᠡᠬᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠵᠤ᠂ ᠳᠦᠪ ᠭᠤᠤᠯᠴᠢ ᠦᠨᠡᠨᠴᠢ | ᠰᠢᠳᠤᠷᠭᠤ ᠪᠠᠶᠢᠵᠤ᠂ ᠰᠢᠨ᠎ᠠ ᠴᠠᠭ ᠦᠶ᠎ᠠ ᠶᠢᠨ ᠵᠡᠬᠦᠨᠭᠠᠷ ᠤᠨ ᠠᠵᠤ ᠠᠬᠤᠢ ᠨᠡᠶᠢᠭᠡᠮ ᠤᠨ ᠴᠢᠨᠠᠷ ᠰᠠᠶᠢᠳᠠᠢ ᠬᠦᠭᠵᠢᠯᠳᠡ ᠶᠢ ᠪᠡᠶᠡᠯᠡᠬᠦᠯᠬᠦ ᠪᠠᠷ ᠴᠢᠷᠮᠠᠶᠢᠨ | ᠳᠡᠮᠡᠴᠡᠵᠤ᠂ ᠰᠢᠯᠢᠳᠡᠭ ᠠᠮᠵᠢᠯᠳᠠ ᠪᠠᠷ ᠢᠶᠠᠨ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠬᠳᠠᠬᠰᠠᠨ 70 ᠵᠢᠯ ᠤᠨ ᠤᠢ ᠶᠢ ᠪᠡᠯᠭᠡᠯᠡᠶ᠎ᠠ︕ | | | | | | | | | | | | | | | | | | | ᠨᠡᠷ᠎ᠡ ᠦᠭᠡᠰ ᠤᠨ ᠳᠠᠶᠢᠯᠪᠤᠷᠢ | ᠳᠦᠷᠪᠡᠨ ᠳᠤᠮᠤ ᠠᠵᠤ ᠤᠶᠢᠯᠡᠰ ᠤᠨ ᠰᠦᠷᠦᠭᠵᠢᠯ᠄ ᠨᠡᠬᠦᠷᠡᠰᠤᠨ ᠤ ᠠᠵᠤ ᠤᠶᠢᠯᠡᠰ ᠤᠨ ᠰᠦᠷᠦᠭᠵᠢᠯ᠂ ᠨᠡᠬᠦᠷᠡᠰᠤ ᠬᠢᠮᠢ ᠶᠢᠨ ᠠᠵᠤ ᠤᠶᠢᠯᠡᠳᠪᠤᠷᠢ ᠶᠢᠨ ᠠᠵᠤ | ᠤᠶᠢᠯᠡᠰ ᠤᠨ ᠰᠦᠷᠦᠭᠵᠢᠯ᠂ ᠨᠡᠬᠦᠷᠡᠰᠤ ᠴᠠᠬᠢᠯᠭᠠᠨ ᠬᠦᠩᠭᠡᠨᠴᠠᠭᠠᠨ ᠤ ᠠᠵᠤ ᠤᠶᠢᠯᠡᠰ ᠤᠨ ᠰᠦᠷᠦᠭᠵᠢᠯ᠂ ᠱᠠᠭᠠᠵᠠᠩ ᠳᠤᠭᠤᠰᠬ᠎ᠠ ᠶᠢᠨ ᠠᠵᠤ ᠤᠶᠢᠯᠡᠰ ᠤᠨ | ᠰᠦᠷᠦᠭᠵᠢᠯ ᠢ ᠵᠢᠭᠠᠵᠤ ᠪᠤᠢ᠃ | ᠬᠤᠶᠠᠷ ᠤᠷᠤᠨ ᠢ ᠳᠤᠬᠳᠠᠭᠠᠬᠤ᠄ ᠠᠮᠤ ᠪᠤᠳᠠᠭᠠᠨ ᠤ ᠤᠶᠢᠯᠡᠳᠪᠤᠷᠢᠯᠡᠯ ᠤᠨ ᠴᠢᠳᠠᠪᠬᠢᠳᠤ ᠤᠷᠤᠨ᠂ ᠴᠢᠬᠤᠯᠠ ᠳᠠᠷᠢᠶᠠᠯᠠᠩ ᠤᠨ ᠪᠦᠳᠤᠭᠡᠭᠳᠡᠬᠦᠨ ᠤ | ᠤᠶᠢᠯᠡᠳᠪᠤᠷᠢᠯᠡᠯ ᠬᠠᠮᠠᠭᠠᠯᠠᠯᠳᠠ ᠶᠢᠨ ᠤᠷᠤᠨ ᠢ ᠳᠤᠬᠳᠠᠭᠠᠵᠤ ᠪᠦᠳᠤᠭᠡᠨ ᠪᠠᠶᠢᠭᠤᠯᠤᠨ᠂ ᠠᠮᠤ ᠪᠤᠳᠠᠭ᠎ᠠ ᠳᠠᠷᠢᠬᠤ ᠪᠠ ᠴᠢᠬᠤᠯᠠ ᠳᠠᠷᠢᠶᠠᠯᠠᠩ ᠤᠨ ᠪᠦᠳᠤᠭᠡᠭᠳᠡᠬᠦᠨ | ᠤ ᠳᠠᠪᠠᠭᠤᠯᠢᠬᠳᠤ ᠤᠷᠤᠨ ᠢ ᠬᠠᠷᠢᠴᠠᠩᠭᠤᠢ ᠪᠠᠷ ᠳᠤᠬᠳᠠᠭᠠᠬᠤ ᠶᠢ ᠵᠢᠭᠠᠵᠤ ᠪᠤᠢ᠃ | ᠳᠦᠷᠪᠡᠨ ᠰᠠᠶᠢᠨ ᠬᠦᠳᠡᠭᠡ ᠳᠤᠰᠬᠤᠨ ᠤ ᠵᠠᠮ᠄ ᠬᠦᠳᠡᠭᠡ ᠳᠤᠰᠬᠤᠨ ᠤ ᠵᠠᠮ ᠢ ᠰᠠᠶᠢᠨ ᠪᠦᠳᠤᠭᠡᠨ ᠪᠠᠶᠢᠭᠤᠯᠬᠤ᠂ ᠰᠠᠶᠢᠨ ᠬᠠᠮᠢᠶᠠᠷᠬᠤ᠂ ᠰᠠᠶᠢᠨ ᠠᠷᠠᠴᠢᠯᠠᠬᠤ᠂ | ᠰᠠᠶᠢᠨ ᠡᠵᠡᠩᠨᠡᠬᠦ ᠶᠢ ᠵᠢᠭᠠᠵᠤ ᠪᠤᠢ᠃ | ᠳᠦᠷᠪᠡᠨ ᠤᠬᠠᠮᠰᠠᠷ᠄ ᠤᠯᠤᠰ ᠳᠦᠷᠦ ᠶᠢᠨ ᠤᠬᠠᠮᠰᠠᠷ᠂ ᠪᠦᠬᠦ ᠳᠠᠯ᠎ᠠ ᠶᠢᠨ ᠤᠬᠠᠮᠰᠠᠷ᠂ ᠭᠤᠤᠯᠯᠠᠬᠤ ᠤᠬᠠᠮᠰᠠᠷ᠂ ᠨᠢᠭᠡᠳᠤᠯᠳᠡᠢ ᠪᠠᠶᠢᠯᠭᠠᠬᠤ ᠤᠬᠠᠠᠮᠰᠠᠷ ᠢ | ᠵᠢᠭᠠᠵᠤ ᠪᠤᠢ᠃ | ᠬᠤᠶᠠᠷ ᠢ ᠬᠠᠮᠠᠭᠠᠯᠠᠬᠤ᠄ ᠰᠢ ᠶᠢᠨ ᠫᠢᠩ ᠶᠡᠷᠦᠩᠭᠡᠢ ᠱᠦᠵᠢ ᠶᠢᠨ ᠨᠠᠮ ᠤᠨ ᠳᠦᠪ ᠬᠤᠷᠢᠶ᠎ᠠ ᠪᠠ ᠪᠦᠬᠦ ᠨᠠᠮ ᠳᠠᠬᠢ ᠭᠤᠤᠯᠯᠠᠬᠤ ᠪᠠᠶᠢᠷᠢ ᠰᠠᠭᠤᠷᠢ ᠶᠢ ᠬᠠᠮᠠᠭᠠᠯᠠᠨ᠂ | ᠨᠠᠮ ᠤᠨ ᠳᠦᠪ ᠬᠤᠷᠢᠶᠠᠨ ᠤ ᠡᠷᠭᠡ ᠰᠦᠷ ᠪᠠ ᠳᠦᠪᠯᠡᠷᠡᠩᠬᠦᠢ ᠨᠢᠭᠡᠳᠤᠯᠳᠡᠢ ᠤᠳᠤᠷᠢᠳᠤᠯᠭ᠎ᠠ ᠶᠢ ᠬᠠᠮᠠᠭᠠᠯᠠᠬᠤ ᠶᠢ ᠵᠢᠭᠠᠵᠤ ᠪᠤᠢ᠃ | ᠳᠦᠷᠪᠡᠨ ᠴᠦᠭᠡᠨ ᠳᠦᠷᠪᠡᠨ ᠤᠯᠠᠨ᠄ ᠤᠯᠠᠮᠵᠢᠯᠠᠯᠳᠤ ᠠᠵᠤ ᠤᠶᠢᠯᠡᠰ ᠤᠯᠠᠨ᠂ ᠰᠢᠨ᠎ᠠ ᠪᠠᠷ ᠬᠦᠭᠵᠢᠭᠰᠡᠨ ᠠᠵᠤ ᠤᠶᠢᠯᠡᠰ ᠴᠦᠭᠡᠨ᠂ ᠳᠤᠤᠷᠠᠳᠤ ᠳᠡᠰ ᠤᠨ ᠠᠵᠤ | ᠤᠶᠢᠯᠡᠰ ᠤᠯᠠᠨ᠂ ᠦᠵᠦᠬᠦᠷ ᠠᠵᠤ ᠤᠶᠢᠯᠡᠰ ᠴᠦᠭᠡᠨ᠂ ᠡᠬᠢ ᠪᠠᠶᠠᠯᠢᠭ ᠤᠨ ᠭᠡᠯᠪᠡᠷᠢᠳᠤ ᠠᠵᠤ ᠤᠶᠢᠯᠡᠰ ᠤᠯᠠᠨ᠂ ᠦᠨᠳᠤᠷ ᠨᠡᠮᠡᠯᠳᠡ ᠦᠷᠳᠡᠭᠳᠤ ᠠᠵᠤ ᠤᠶᠢᠯᠡᠰ | ᠴᠦᠭᠡᠨ᠂ ᠬᠦᠳᠡᠯᠮᠤᠷᠢ ᠬᠦᠴᠤᠨ ᠳᠦᠪᠯᠡᠷᠡᠭᠰᠡᠨ ᠠᠵᠤ ᠤᠶᠢᠯᠡᠰ ᠤᠯᠠᠨ᠂ ᠬᠦᠷᠦᠩᠭᠡ ᠰᠢᠨᠵᠢᠯᠡᠬᠦ ᠤᠬᠠᠭᠠᠨ ᠮᠡᠷᠭᠡᠵᠢᠯ ᠳᠦᠪᠯᠡᠷᠡᠭᠰᠡᠨ ᠠᠵᠤ ᠤᠶᠢᠯᠡᠰ ᠴᠦᠭᠡᠨ | ᠪᠠᠶᠢᠬᠤ ᠶᠢ ᠵᠢᠭᠠᠵᠤ ᠪᠤᠢ᠃ | ᠳᠠᠪᠤ ᠶᠢ ᠨᠢᠭᠡ ᠴᠤᠬᠴᠠᠵᠢᠭᠤᠯᠬᠤ᠄ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠵᠢᠭᠠᠵᠤ ᠭᠠᠷᠭᠠᠬᠤ ᠳᠠᠭᠠᠨ᠂ ᠳᠤᠮᠳᠠᠳᠤ ᠤᠯᠤᠰ ᠤᠨ ᠤᠨᠴᠠᠯᠢᠭ ᠲᠠᠢ | ᠨᠡᠶᠢᠭᠡᠮ ᠵᠢᠷᠤᠮ ᠤᠨ ᠶᠡᠷᠦᠩᠭᠡᠢ ᠪᠠᠶᠢᠷᠢᠰᠢᠭᠤᠯᠤᠯᠳᠠ ᠶᠢ ᠪᠦᠳᠤᠭᠡᠨ ᠪᠠᠶᠢᠭᠤᠯᠬᠤ ᠳᠤ ᠠᠵᠤ ᠠᠬᠤᠢ ᠶᠢᠨ ᠪᠦᠳᠤᠭᠡᠨ ᠪᠠᠶᠢᠭᠤᠯᠤᠯᠳᠠ᠂ ᠤᠯᠤᠰ ᠳᠦᠷᠦ ᠶᠢᠨ | ᠪᠠᠶᠢᠭᠤᠯᠤᠯᠳᠠ᠂ ᠰᠤᠶᠤᠯ ᠤᠨ ᠪᠠᠶᠢᠭᠤᠯᠤᠯᠳᠠ᠂ ᠨᠡᠶᠢᠭᠡᠮ ᠤᠨ ᠪᠠᠶᠢᠭᠤᠯᠤᠯᠳᠠ᠂ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠵᠡᠷᠭᠡ ᠳᠠᠪᠤ ᠶᠢ ᠨᠢᠭᠡ | ᠴᠤᠬᠴᠠᠵᠢᠭᠤᠯᠬᠤ ᠶᠢ ᠵᠢᠭᠠᠵᠤ ᠪᠤᠢ᠃ | ᠳᠦᠷᠪᠡᠨ ᠪᠦᠬᠦ ᠳᠠᠯ᠎ᠠ᠄ ᠴᠢᠨᠡᠭᠡᠯᠢᠭ ᠨᠡᠶᠢᠭᠡᠮ ᠢ ᠪᠦᠬᠦ ᠳᠠᠯ᠎ᠠ ᠪᠠᠷ ᠪᠠᠶᠢᠭᠤᠯᠬᠤ᠂ ᠦᠭᠡᠷᠡᠴᠢᠯᠡᠯᠳᠡ ᠶᠢ ᠪᠦᠬᠦ ᠳᠠᠯ᠎ᠠ ᠪᠠᠷ ᠬᠦᠨᠵᠡᠭᠡᠶᠢᠷᠡᠬᠦᠯᠬᠦ᠂ ᠤᠯᠤᠰ ᠢᠶᠠᠨ | ᠪᠦᠬᠦ ᠳᠠᠯ᠎ᠠ ᠪᠠᠷ ᠬᠠᠤᠯᠢ ᠪᠠᠷ ᠵᠠᠰᠠᠬᠤ᠂ ᠨᠠᠮ ᠢᠶᠠᠨ ᠪᠦᠬᠦ ᠳᠠᠯ᠎ᠠ ᠪᠠᠷ ᠴᠢᠩᠭ᠎ᠠ ᠵᠠᠰᠠᠬᠤ ᠶᠢ ᠵᠢᠭᠠᠵᠤ ᠪᠤᠢ᠃ | ᠰᠢᠨ᠎ᠠ ᠬᠦᠭᠵᠢᠯᠳᠡ ᠶᠢᠨ ᠤᠶᠢᠯᠠᠭᠠᠬᠳᠠᠬᠤᠨ᠄ ᠰᠢ ᠶᠢᠨ ᠫᠢᠩ ᠶᠡᠷᠦᠩᠭᠡᠢ ᠱᠦᠵᠢ ᠨᠠᠮ ᠤᠨ ᠠᠷᠪᠠᠨ ᠨᠠᠢᠮᠠᠳᠤᠭᠠᠷ ᠬᠤᠭᠤᠴᠠᠭᠠᠨ ᠤ ᠳᠠᠪᠤᠳᠤᠭᠠᠷ ᠪᠦᠬᠦᠳᠡ ᠬᠤᠷᠠᠯ | ᠤᠨ ᠬᠤᠶᠠᠳᠤᠭᠠᠷ ᠤᠳᠠᠭ᠎ᠠ ᠶᠢᠨ ᠪᠦᠬᠦᠳᠡ ᠬᠤᠷᠠᠯ ᠳᠡᠭᠡᠷ᠎ᠠ ᠰᠢᠨ᠎ᠠ ᠶᠢ ᠡᠬᠦᠳᠬᠦ᠂ ᠵᠤᠬᠢᠴᠠᠩᠭᠤᠢ᠂ ᠪᠤᠬᠢᠷᠳᠤᠯ ᠦᠭᠡᠢ᠂ ᠨᠡᠭᠡᠭᠡᠯᠳᠡ ᠲᠠᠢ᠂ ᠬᠠᠮᠳᠤᠪᠠᠷ ᠡᠳ᠋ᠯᠡᠬᠦ | ᠬᠦᠭᠵᠢᠯᠳᠡ ᠶᠢᠨ ᠤᠨᠤᠯᠵᠢᠭᠤᠨ ᠢ ᠳᠤᠷᠠᠳᠤᠬᠰᠠᠨ ᠢ ᠵᠢᠭᠠᠵᠤ ᠪᠤᠢ᠃ | ppp᠄ ᠪᠠᠰᠠ ppp ᠵᠠᠬᠪᠤᠷ ᠭᠡᠳᠡᠭ᠂ ᠵᠠᠰᠠᠭ ᠤᠨ ᠤᠷᠳᠤᠨ ᠪᠠ ᠨᠡᠶᠢᠭᠡᠮ ᠤᠨ ᠬᠦᠷᠦᠩᠭᠡ ᠶᠢᠨ ᠬᠠᠮᠳᠤᠷᠠᠯᠴᠠᠭ᠎ᠠ ᠶᠢ ᠵᠢᠭᠠᠵᠤ ᠪᠤᠢ᠂ ᠤᠯᠠᠨ ᠨᠡᠶᠢᠳᠡ ᠶᠢᠨ | ᠰᠠᠭᠤᠷᠢ ᠳᠦᠬᠦᠭᠡᠷᠤᠮᠵᠢ ᠶᠢᠨ ᠨᠢᠭᠡ ᠵᠤᠶᠢᠯ ᠤᠨ ᠳᠦᠷᠤᠯ ᠵᠤᠶᠢᠯ ᠤᠨ ᠡᠷᠬᠢᠯᠳᠡ ᠶᠢᠨ ᠵᠠᠬᠪᠤᠷ ᠢ ᠵᠢᠭᠠᠵᠤ ᠪᠤᠢ᠃ ᠳᠤᠰ ᠵᠠᠬᠪᠤᠷ ᠨᠢ ᠬᠤᠪᠢ ᠶᠢᠨ ᠡᠵᠡᠩᠨᠡᠯᠳᠡ | ᠶᠢᠨ ᠠᠵᠤ ᠠᠬᠤᠶᠢᠯᠠᠯ᠂ ᠠᠷᠠᠳ ᠠᠴᠠ ᠡᠵᠡᠩᠨᠡᠭᠰᠡᠨ ᠬᠦᠷᠦᠩᠭᠡ ᠶᠢ ᠵᠤᠷᠢᠬᠵᠢᠭᠤᠯᠵᠤ ᠪᠠᠶᠢᠭᠠᠳ ᠵᠠᠰᠠᠭ ᠤᠨ ᠤᠷᠳᠤᠨ ᠲᠠᠢ ᠬᠠᠮᠳᠤᠷᠠᠨ ᠠᠵᠢᠯᠯᠠᠭᠤᠯᠵᠤ᠂ ᠤᠯᠠᠨ | ᠨᠡᠶᠢᠳᠡ ᠶᠢᠨ ᠰᠠᠭᠤᠷᠢ ᠳᠦᠬᠦᠭᠡᠷᠤᠮᠵᠢ ᠶᠢᠨ ᠪᠦᠳᠤᠭᠡᠨ ᠪᠠᠶᠢᠭᠤᠯᠤᠯᠳᠠ ᠳᠤ ᠤᠷᠤᠯᠴᠠᠭᠤᠯᠳᠠᠭ᠃ | ᠵᠠᠰᠠᠭ ᠤᠨ ᠤᠷᠳᠤᠨ ᠤ ᠬᠤᠳᠠᠯᠳᠤᠨ ᠠᠪᠤᠬᠰᠠᠨ ᠤᠶᠢᠯᠡᠴᠢᠯᠡᠭᠡ᠄ ᠵᠠᠬ᠎ᠠ ᠳᠡᠯᠭᠡᠬᠦᠷ ᠤᠨ ᠳᠤᠬᠳᠠᠴᠠ ᠶᠢᠨ ᠤᠶᠢᠯᠡᠳᠤᠯ ᠢ ᠪᠠᠳᠠᠷᠠᠭᠤᠯᠬᠤ ᠪᠠᠷ ᠳᠠᠮᠵᠢᠨ᠂ ᠵᠠᠰᠠᠭ | ᠤᠨ ᠤᠷᠳᠤᠨ ᠤ ᠰᠢᠭᠤᠳ ᠬᠠᠩᠭᠠᠬᠤ ᠨᠢᠭᠡ ᠪᠦᠯᠦᠭ ᠤᠯᠠᠨ ᠨᠡᠶᠢᠳᠡ ᠶᠢᠨ ᠤᠶᠢᠯᠡᠴᠢᠯᠡᠭᠡᠨ ᠤ ᠤᠴᠢᠷ ᠶᠠᠪᠤᠳᠠᠯ ᠵᠢᠴᠢ ᠵᠠᠰᠠᠭ ᠤᠨ ᠤᠷᠳᠤᠨ ᠤ ᠳᠤᠰᠢᠶᠠᠯ ᠢᠶᠠᠨ | ᠬᠦᠢᠴᠡᠳᠭᠡᠬᠦ ᠳᠤ ᠭᠡᠷᠡᠭᠰᠡᠬᠦ ᠤᠶᠢᠯᠡᠴᠢᠯᠡᠭᠡᠨ ᠤ ᠤᠴᠢᠷ ᠶᠠᠪᠤᠳᠠᠯ ᠢ ᠵᠤᠬᠢᠬᠤ ᠠᠷᠭ᠎ᠠ ᠭᠡᠯᠪᠡᠷᠢ ᠪᠠ ᠳᠡᠰ ᠳᠠᠷᠠᠭᠠᠯᠠᠯ ᠢᠶᠠᠷ ᠵᠤᠬᠢᠬᠤ ᠨᠦᠬᠦᠴᠡᠯ ᠢ | ᠪᠦᠷᠢᠯᠳᠦᠬᠦᠯᠦᠭᠰᠡᠨ ᠨᠡᠶᠢᠭᠡᠮ ᠤᠨ ᠬᠦᠴᠤᠨ ᠪᠠ ᠠᠵᠢᠯ ᠤᠶᠢᠯᠡᠰ ᠤᠨ ᠨᠢᠭᠡᠴᠢ ᠳᠤ ᠳᠤᠰᠢᠶᠠᠨ ᠡᠬᠦᠷᠭᠡᠯᠡᠬᠦᠯᠵᠤ᠂ ᠳᠡᠷᠡᠴᠢᠯᠡᠨ ᠵᠠᠰᠠᠭ ᠤᠨ ᠤᠷᠳᠤᠨ ᠨᠢ ᠭᠡᠷ᠎ᠠ ᠳᠤ | ᠳᠤᠬᠳᠠᠭᠠᠬᠰᠠᠨ ᠶᠤᠰᠤᠭᠠᠷ ᠵᠠᠷᠤᠳᠠᠯ ᠢ ᠨᠢ ᠳᠦᠯᠦᠬᠦᠯᠬᠦ ᠶᠢ ᠵᠢᠭᠠᠵᠤ ᠪᠠᠶᠢᠨ᠎ᠠ᠃ | ᠳᠠᠯᠳᠠ ᠴᠢᠨᠠᠷᠳᠠᠢ ᠦᠷᠢ ᠰᠢᠷᠢ᠄ ᠬᠠᠤᠯᠢ ᠪᠠᠷ ᠳᠤᠬᠳᠠᠭᠠᠬᠰᠠᠨ ᠵᠠᠰᠠᠭ ᠤᠨ ᠤᠷᠳᠤᠨ ᠤ ᠦᠷᠢ ᠰᠢᠷᠢ ᠶᠢᠨ ᠬᠢᠵᠠᠭᠠᠷᠯᠠᠯ ᠠᠴᠠ ᠭᠠᠳᠠᠨᠠᠬᠢ ᠰᠢᠭᠤᠳ ᠪᠤᠶᠤ | ᠠᠮᠠᠯᠳᠠᠬᠰᠠᠨ ᠡᠳ᠋ ᠤᠨ ᠵᠠᠰᠠᠭ ᠤᠨ ᠪᠡᠯᠡ ᠮᠦᠩᠬᠦ ᠪᠠᠷ ᠳᠦᠯᠦᠬᠦ ᠵᠢᠴᠢ ᠬᠠᠤᠯᠢ ᠶᠢ ᠵᠦᠷᠢᠴᠡᠨ ᠪᠠᠷᠢᠴᠠᠭ᠎ᠠ ᠬᠢᠬᠦ ᠵᠡᠷᠭᠡ ᠠᠷᠭ᠎ᠠ ᠭᠡᠯᠪᠡᠷᠢ ᠪᠠᠷ ᠦᠷᠢᠳᠦᠭᠰᠡᠨ ᠤᠷᠤᠨ | ᠨᠤᠳᠤᠭ ᠤᠨ ᠵᠠᠰᠠᠭ ᠤᠨ ᠤᠷᠳᠤᠨ ᠤ ᠦᠷᠢ ᠰᠢᠷᠢ ᠪᠤᠯᠤᠨ᠎ᠠ᠂ ᠭᠤᠤᠯᠳᠠᠭᠤ ᠤᠷᠤᠨ ᠨᠤᠳᠤᠭ ᠤᠨ ᠤᠯᠤᠰ ᠤᠨ ᠦᠮᠴᠢᠯᠡᠯᠳᠤ ᠠᠵᠤ ᠠᠬᠤᠶᠢᠯᠠᠯ ᠠᠵᠢᠯ ᠤᠶᠢᠯᠡᠰ | ᠤᠨ ᠨᠢᠭᠡᠴᠢ ᠵᠡᠷᠭᠡ ᠨᠢ ᠵᠠᠰᠠᠭ ᠤᠨ ᠤᠷᠳᠤᠨ ᠢ ᠳᠦᠯᠦᠭᠡᠯᠡᠨ ᠠᠷᠭ᠎ᠠ ᠭᠡᠮᠵᠢᠶ᠎ᠠ ᠠᠪᠴᠤ᠂ ᠵᠠᠰᠠᠭ ᠤᠨ ᠤᠷᠳᠤᠨ ᠪᠠᠷᠢᠴᠠᠭ᠎ᠠ ᠬᠠᠩᠭᠠᠬᠤ ᠪᠤᠶᠤ ᠡᠳ᠋ ᠤᠨ ᠵᠠᠰᠠᠭ ᠤᠨ | ᠪᠡᠯᠡ ᠮᠦᠩᠬᠦᠨ ᠤ ᠳᠡᠮᠵᠢᠯᠭᠡ ᠪᠠᠷ ᠳᠦᠯᠦᠬᠦ ᠦᠷᠢ ᠰᠢᠷᠢ ᠶᠢ ᠪᠠᠭᠳᠠᠭᠠᠨ᠎ᠠ︔ ᠤᠷᠤᠨ ᠨᠤᠳᠤᠭ ᠤᠨ ᠵᠠᠰᠠᠭ ᠤᠨ ᠤᠷᠳᠤᠨ ᠵᠠᠰᠠᠭ ᠤᠨ ᠤᠷᠳᠤᠨ ᠤ ᠪᠡᠯᠡ | ᠤᠷᠤᠭᠤᠯᠤᠯᠳᠠ ᠶᠢᠨ ᠰᠠᠭᠤᠷᠢ ᠮᠦᠩᠬᠦ ᠭᠠᠷᠭᠠᠬᠤ᠂ ᠵᠠᠰᠠᠭ ᠤᠨ ᠤᠷᠳᠤᠨ ᠪᠠ ᠨᠡᠶᠢᠭᠡᠮ ᠤᠨ ᠬᠦᠷᠦᠩᠭᠡ ᠶᠢᠨ ᠬᠠᠮᠳᠤᠷᠠᠯᠴᠠᠭ᠎ᠠ ︵ppp︶ ᠶᠢ ᠦᠷᠨᠢᠬᠦᠯᠬᠦ᠂ | ᠵᠠᠰᠠᠭ ᠤᠨ ᠤᠷᠳᠤᠨ ᠤᠶᠢᠯᠡᠴᠢᠯᠡᠭᠡ ᠶᠢ ᠬᠤᠳᠠᠯᠳᠤᠨ ᠠᠪᠬᠤ ᠵᠡᠷᠭᠡ ᠶᠠᠪᠤᠴᠠ ᠳᠤ᠂ ᠪᠤᠯᠵᠤᠭ᠎ᠠ ᠶᠤᠰᠤᠭᠠᠷ ᠪᠡᠯᠡ ᠤᠷᠤᠭᠤᠯᠤᠯᠳᠠ ᠶᠢᠨ ᠡᠭᠡ ᠮᠦᠩᠬᠦ ᠶᠢ | ᠡᠭᠡᠬᠦᠯᠤᠨ ᠬᠤᠳᠠᠯᠳᠤᠨ ᠠᠪᠬᠤ᠂ ᠪᠠᠳᠤᠯᠠᠭ᠎ᠠ ᠲᠠᠢ ᠦᠷ᠎ᠠ ᠠᠰᠢᠭ ᠬᠦᠷᠳᠡᠭᠡᠬᠦ ᠪᠠᠷ ᠠᠮᠠᠯᠳᠠᠬᠤ ᠵᠡᠷᠭᠡ ᠠᠷᠭ᠎ᠠ ᠭᠡᠯᠪᠡᠷᠢ ᠶᠢ ᠠᠪᠬᠤ ᠪᠠᠷ ᠳᠠᠮᠵᠢᠨ ᠪᠦᠷᠢᠯᠳᠦᠭᠰᠡᠨ | ᠵᠠᠰᠠᠭ ᠤᠨ ᠤᠷᠳᠤᠨ ᠤ ᠳᠤᠮᠳᠠ ᠤᠷᠳᠤ ᠬᠤᠭᠤᠴᠠᠭᠠᠨ ᠤ ᠵᠠᠷᠤᠯᠭ᠎ᠠ ᠶᠢᠨ ᠤᠴᠢᠷ ᠶᠠᠪᠤᠳᠠᠯ ᠤᠨ ᠦᠷᠢ ᠰᠢᠷᠢ ᠶᠢ ᠪᠠᠭᠳᠠᠭᠠᠨ᠎ᠠ᠃ | ᠪᠤᠬᠢᠷᠳᠤᠯ ᠦᠭᠡᠢ ᠠᠭᠤᠷᠬᠠᠢ᠄ ᠠᠭᠤᠷᠬᠠᠢ ᠶᠢᠨ ᠭᠠᠷᠤᠯᠳᠠ ᠶᠢᠨ ᠡᠬᠢ ᠪᠠᠶᠠᠯᠢᠭ ᠢ ᠨᠡᠭᠡᠭᠡᠨ ᠬᠦᠭᠵᠢᠬᠦᠯᠬᠦ ᠪᠦᠬᠦ ᠶᠠᠪᠤᠴᠠ ᠳᠤ᠂ ᠰᠢᠨᠵᠢᠯᠡᠬᠦ ᠤᠬᠠᠭᠠᠨᠴᠢ᠂ ᠡᠮᠬᠢ | ᠳᠢᠭᠯᠢᠮ ᠲᠠᠢ ᠪᠠᠷ ᠮᠠᠯᠳᠠᠬᠤ ᠶᠢ ᠴᠢᠩᠭ᠎ᠠ ᠭᠡᠷᠡᠭᠵᠢᠬᠦᠯᠬᠦ ᠮᠦᠷᠳᠡᠭᠡᠨ ᠪᠠᠰᠠ ᠠᠭᠤᠷᠬᠠᠢ ᠶᠢᠨ ᠤᠷᠤᠨ ᠵᠢᠴᠢ ᠡᠷᠬᠢᠨ ᠳᠤᠭᠤᠷᠢᠨ ᠤ ᠤᠷᠴᠢᠨ ᠳᠤᠭᠤᠷᠢᠨ ᠤ | ᠰᠠᠮᠠᠭᠤᠷᠠᠭᠤᠯᠬᠤ ᠡᠵᠡᠮᠰᠢᠯ ᠢ ᠤᠷᠴᠢᠨ ᠳᠤᠭᠤᠷᠢᠨ ᠤ ᠡᠵᠡᠮᠰᠢᠯ ᠤᠨ ᠬᠦᠷᠢᠶ᠎ᠠ ᠭᠡᠪᠴᠢᠶᠠᠨ ᠳᠤ ᠪᠠᠶᠢᠯᠭᠠᠬᠤ ᠶᠢ ᠵᠢᠭᠠᠵᠤ ᠪᠤᠢ᠃ | ᠢᠨᠲ᠋ᠧᠷ ᠰᠦᠯᠵᠢᠶ᠎ᠠ + ᠄ ᠮᠡᠳᠡᠭᠡ ᠵᠠᠩᠬᠢ ᠴᠢᠮᠡᠭᠡ ᠬᠤᠯᠪᠤᠭᠠᠨ ᠤ ᠮᠡᠷᠭᠡᠵᠢᠯ ᠵᠢᠴᠢ ᠢᠨᠲ᠋ᠧᠷ ᠰᠦᠯᠵᠢᠶᠡᠨ ᠤ ᠳᠠᠪᠴᠠᠩ ᠢ ᠠᠰᠢᠬᠯᠠᠨ᠂ ᠢᠨᠲ᠋ᠧᠷ ᠰᠦᠯᠵᠢᠶ᠎ᠠ | ᠶᠢ ᠤᠯᠠᠮᠵᠢᠯᠠᠯᠳᠤ ᠠᠵᠢᠯ ᠳᠦᠷᠤᠯ ᠤᠨ ᠬᠢᠨ ᠲᠠᠢ ᠬᠦᠨ ᠠᠭᠤᠰᠤᠯᠴᠠᠭᠤᠯᠵᠤ᠂ ᠰᠢᠨ᠎ᠠ ᠬᠦᠭᠵᠢᠯᠳᠡ ᠶᠢᠨ ᠤᠶᠢᠯᠡᠰ ᠢ ᠡᠬᠦᠳᠬᠦ ᠶᠢ ᠵᠢᠭᠠᠵᠤ ᠪᠤᠢ᠃ | ᠦᠨᠡᠮᠯᠡᠯ ᠪᠠ ᠭᠡᠷᠡᠴᠢ ᠶᠢ ᠰᠠᠯᠭᠠᠬᠤ᠄ ᠤᠶᠢᠯᠡᠳᠪᠤᠷᠢ ᠬᠤᠳᠠᠯᠳᠤᠭᠠᠨ ᠤ ᠰᠠᠯᠠᠭ᠎ᠠ ᠮᠦᠴᠢᠷ ᠠᠴᠠ ᠳᠠᠷᠬᠠᠭᠠᠬᠤ ᠡᠵᠡᠩᠨᠡᠯᠳᠡ ᠶᠢᠨ ᠦᠨᠡᠮᠯᠡᠯ ᠪᠠ ᠡᠯ᠎ᠠ ᠬᠤᠯᠪᠤᠬᠳᠠᠯ | ᠪᠦᠬᠦᠢ ᠠᠵᠢᠯ ᠳᠦᠷᠤᠯ ᠤᠨ ᠭᠤᠤᠯ ᠬᠠᠮᠢᠶᠠᠷᠤᠯᠳᠠ ᠶᠢᠨ ᠰᠠᠯᠠᠭ᠎ᠠ ᠮᠦᠴᠢᠷ ᠠᠴᠠ ᠳᠠᠷᠬᠠᠭᠠᠬᠤ ᠡᠵᠡᠩᠨᠡᠯᠳᠡ ᠶᠢᠨ ᠵᠦᠪᠰᠢᠶᠡᠷᠡᠯ ᠤᠨ ᠭᠡᠷᠡᠴᠢ ᠶᠢ ᠬᠢᠨᠠᠨ | ᠵᠦᠪᠰᠢᠶᠡᠷᠡᠬᠦᠯᠬᠦ ᠦᠭᠡᠷᠡᠴᠢᠯᠡᠯᠳᠡ ᠪᠤᠯᠤᠨ᠎ᠠ᠂ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯ ᠢ ᠶᠡᠭᠡ ᠪᠠᠷ ᠪᠠᠭᠠᠰᠬᠠᠵᠤ᠂ ︽ᠵᠠᠬ᠎ᠠ ᠳᠤ ᠤᠷᠤᠬᠤ ᠶᠢ ᠵᠦᠪᠰᠢᠶᠡᠷᠡᠨ | ᠡᠵᠡᠩᠨᠡᠯᠳᠡ ᠬᠢᠬᠦ ᠶᠢ ᠦᠯᠦ ᠵᠦᠪᠰᠢᠶᠡᠷᠡᠬᠦ︾ ᠠᠰᠠᠭᠤᠳᠠᠯ ᠢ ᠴᠢᠷᠮᠠᠶᠢᠨ ᠰᠢᠢᠳᠪᠤᠷᠢᠯᠡᠨ᠎ᠠ᠃ | ᠭᠤᠷᠪᠠᠨ ᠡᠷᠭᠡ ᠶᠢ ᠰᠠᠯᠭᠠᠬᠤ᠄ ᠦᠮᠴᠢᠯᠡᠯ ᠤᠨ ᠡᠷᠭᠡ᠂ ᠳᠠᠭᠠᠭᠠᠴᠢᠯᠠᠯᠳᠠ ᠶᠢᠨ ᠡᠷᠭᠡ᠂ ᠡᠵᠡᠩᠨᠡᠯᠳᠡ ᠶᠢᠨ ᠡᠷᠭᠡ ᠭᠤᠷᠪᠠ ᠶᠢ ᠰᠠᠯᠭᠠᠵᠤ᠂ ᠡᠵᠡᠩᠨᠡᠯᠳᠡ ᠶᠢᠨ | ᠡᠷᠭᠡ ᠶᠢ ᠰᠢᠯᠵᠢᠬᠦᠯᠬᠦ ᠨᠢᠭᠡ ᠵᠤᠶᠢᠯ ᠤᠨ ᠭᠠᠵᠠᠷ ᠰᠢᠷᠤᠢ ᠶᠢᠨ ᠳᠦᠷᠢᠮ ᠤᠨ ᠦᠭᠡᠷᠡᠴᠢᠯᠡᠯᠳᠡ ᠶᠢ ᠵᠢᠭᠠᠵᠤ ᠪᠤᠢ᠃ | ᠴᠠᠬᠢᠯᠭᠠᠨ ᠬᠦᠴᠤᠨ ᠤ ᠤᠯᠠᠨ ᠳᠠᠯᠠᠳᠤ ᠠᠷᠠᠯᠵᠢᠶ᠎ᠠ᠄ ᠤᠯᠠᠨ ᠳᠠᠯ᠎ᠠ ᠶᠢᠨ ᠬᠤᠳᠠᠯᠳᠤᠨ ᠠᠪᠤᠬᠴᠢ ᠪᠠ ᠤᠯᠠᠨ ᠳᠠᠯ᠎ᠠ ᠶᠢᠨ ᠬᠤᠳᠠᠯᠳᠤᠬᠴᠢ ︵ᠳᠤᠤᠷ ᠳᠤᠳᠤᠷᠠᠬᠢ | ᠳᠤᠮᠤ ᠭᠡᠷᠡᠭᠯᠡᠭᠡᠨ ᠤ ᠡᠷᠤᠭᠡ ᠪᠠ ᠴᠠᠬᠢᠯᠭᠠᠨ ᠭᠠᠷᠭᠠᠬᠤ ᠠᠵᠤ ᠠᠬᠤᠶᠢᠯᠠᠯ︶ ᠬᠠᠮᠳᠤᠪᠠᠷ ᠤᠷᠤᠯᠴᠠᠬᠰᠠᠨ ᠨᠢᠭᠡ ᠵᠤᠶᠢᠯ ᠤᠨ ᠦᠷᠭᠡᠨ ᠳᠡᠯᠭᠡᠷ ᠴᠠᠬᠢᠯᠭᠠᠨ ᠬᠦᠴᠤᠨ | ᠤ ᠠᠷᠠᠯᠵᠢᠶᠠᠨ ᠤ ᠵᠠᠬ᠎ᠠ ᠳᠡᠯᠭᠡᠬᠦᠷ ᠤᠨ ᠵᠠᠬᠪᠤᠷ ᠢ ᠵᠢᠭᠠᠵᠤ ᠪᠤᠢ᠃ ᠡᠶᠢᠮᠤᠷᠬᠦ ᠵᠠᠬ᠎ᠠ ᠳᠡᠯᠭᠡᠬᠦᠷ ᠤᠨ ᠵᠠᠬᠪᠤᠷ ᠨᠢ ᠴᠠᠬᠢᠯᠭᠠᠨ ᠳᠤᠤᠷ ᠤᠨ ᠠᠶᠤᠯᠬᠦᠢ ᠪᠠ ᠴᠠᠬᠢᠯᠭᠠᠨ | ᠬᠠᠩᠭᠠᠬᠤ ᠪᠠᠳᠤᠯᠠᠭᠠᠳᠤ ᠴᠢᠨᠠᠷ ᠢ ᠬᠦᠢᠴᠡᠳ ᠪᠠᠳᠤᠯᠠᠬᠰᠠᠨ ᠤ ᠤᠷᠢᠳᠠᠯ ᠳᠤᠤᠷ᠎ᠠ᠂ ᠤᠯᠠᠨ ᠳᠠᠯ᠎ᠠ ᠲᠠᠢ ᠵᠦᠪᠳᠡᠯᠴᠡᠨ᠂ ᠠᠷᠠᠯᠵᠢᠶ᠎ᠠ ᠬᠢᠬᠦ ᠠᠵᠠ ᠳᠤᠬᠢᠶᠠᠯ ᠢ | ᠨᠡᠮᠡᠭᠳᠡᠬᠦᠯᠵᠤ᠂ ᠠᠷᠠᠯᠵᠢᠶᠠᠨ ᠤ ᠦᠪᠡᠷ ᠤᠨ ᠦᠷᠳᠡᠭ ᠢ ᠪᠠᠭᠤᠷᠠᠭᠤᠯᠤᠨ᠂ ᠠᠵᠤ ᠠᠬᠤᠶᠢᠯᠠᠯ ᠤᠨ ᠠᠵᠤ ᠠᠬᠤᠢ ᠶᠢᠨ ᠦᠷ᠎ᠠ ᠠᠰᠢᠭ ᠢ ᠨᠡᠮᠡᠭᠳᠡᠬᠦᠯᠳᠡᠭ᠃ | ᠰᠤᠶᠤᠯ ᠤᠨ ᠠᠮᠢ ᠠᠬᠤᠢ ᠶᠢᠨ ᠬᠠᠮᠠᠭᠠᠯᠠᠯᠳᠠ ᠶᠢᠨ ᠤᠷᠤᠨ᠄ ᠨᠢᠭᠡᠨ ᠤᠨᠴᠠᠭᠠᠢ ᠳᠤᠬᠳᠠᠬᠰᠠᠨ ᠤᠷᠤᠨ ᠳᠤᠭᠤᠷᠢᠭ ᠳᠤᠳᠤᠷ᠎ᠠ᠂ ᠪᠦᠳᠤᠮᠵᠢᠳᠡᠢ ᠬᠠᠮᠠᠭᠠᠯᠠᠬᠤ | ᠠᠷᠭ᠎ᠠ ᠭᠡᠮᠵᠢᠶ᠎ᠠ ᠠᠪᠬᠤ ᠪᠠᠷ ᠳᠠᠮᠵᠢᠨ᠂ ᠪᠤᠳᠠᠰ ᠤᠨ ᠪᠤᠰᠤ ᠰᠤᠶᠤᠯ ᠤᠨ ᠦᠪ ᠪᠠ ᠡᠳᠡᠭᠡᠷ ᠲᠠᠢ ᠬᠤᠯᠪᠤᠬᠳᠠᠬᠰᠠᠨ ᠪᠤᠳᠠᠰ ᠤᠨ ᠰᠤᠶᠤᠯ ᠤᠨ ᠦᠪ ᠢ ᠰᠡᠷᠬᠦᠭᠡᠬᠦ | ᠨᠢ ᠬᠦᠮᠤᠰ ᠤᠨ ᠠᠮᠢᠳᠤᠷᠠᠯ ᠤᠶᠢᠯᠡᠳᠪᠤᠷᠢᠯᠡᠯ ᠲᠠᠢ ᠨᠢᠬᠳᠠ ᠬᠠᠷᠢᠴᠠᠭ᠎ᠠ ᠬᠤᠯᠪᠤᠭ᠎ᠠ ᠲᠠᠢ ᠮᠦᠷᠳᠡᠭᠡᠨ ᠪᠠᠶᠢᠭᠠᠯᠢ ᠶᠢᠨ ᠤᠷᠴᠢᠨ ᠠᠬᠤᠢ᠂ ᠠᠵᠤ ᠠᠬᠤᠢ ᠶᠢᠨ | ᠤᠷᠴᠢᠨ ᠠᠬᠤᠢ᠂ ᠨᠡᠶᠢᠭᠡᠮ ᠤᠨ ᠤᠷᠴᠢᠨ ᠠᠬᠤᠢ ᠲᠠᠢ ᠡᠶ᠎ᠡ ᠵᠤᠬᠢᠴᠠᠯ ᠲᠠᠢ ᠬᠠᠮᠳᠤᠪᠠᠷ ᠤᠷᠤᠰᠢᠬᠤ ᠠᠮᠢ ᠠᠬᠤᠢ ᠶᠢᠨ ᠤᠷᠴᠢᠨ ᠳᠤᠭᠤᠷᠢᠨ ᠢ ᠵᠢᠭᠠᠵᠤ ᠪᠤᠢ᠃ | ᠠᠷᠠᠳ ᠤᠨ ᠠᠮᠢᠳᠤᠷᠠᠯ ᠤᠨ ᠪᠤᠳᠠᠳᠤ ᠶᠠᠪᠤᠳᠠᠯ ᠤᠨ ᠳᠦᠷᠤᠯ ᠵᠤᠶᠢᠯ ᠢ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠳᠦᠯᠦᠭᠡᠯᠡᠭᠴᠢ ᠶᠢᠨ ᠪᠢᠯᠧᠲ | ᠢᠶᠠᠷ ᠳᠤᠬᠳᠠᠭᠠᠬᠤ ᠳᠦᠷᠢᠮ᠄ ᠵᠠᠰᠠᠭ ᠤᠨ ᠤᠷᠳᠤᠨ ᠠᠷᠠᠳ ᠤᠯᠠᠨ ᠠᠴᠠ ᠰᠠᠨᠠᠯ ᠰᠠᠨᠠᠭᠤᠯᠭ᠎ᠠ ᠶᠢ ᠦᠷᠭᠡᠨ ᠢᠶᠠᠷ ᠬᠤᠷᠢᠶᠠᠬᠰᠠᠨ ᠤ ᠰᠠᠭᠤᠷᠢᠨ ᠳᠡᠭᠡᠷ᠎ᠠ᠂ ᠠᠷᠠᠳ | ᠤᠨ ᠠᠮᠢᠳᠤᠷᠠᠯ ᠤᠨ ᠪᠤᠳᠠᠳᠤ ᠶᠠᠪᠤᠳᠠᠯ ᠤᠨ ᠵᠢᠱᠢᠭᠳᠡᠭᠰᠡᠨ ᠳᠦᠷᠤᠯ ᠵᠤᠶᠢᠯ ᠢᠶᠠᠷ ᠳᠤᠷᠠᠳᠤᠬᠳᠠᠨ᠂ ᠠᠳᠠᠯᠢ ᠱᠠᠳᠤᠨ ᠤ ᠠᠷᠠᠳ ᠤᠨ ᠳᠦᠯᠦᠭᠡᠯᠡᠭᠴᠢᠳ ᠤᠨ ᠶᠡᠭᠡ | ᠬᠤᠷᠠᠯ ᠤᠨ ᠳᠦᠯᠦᠭᠡᠯᠡᠭᠴᠢ ᠨᠢ ᠳᠤᠰ ᠱᠠᠳᠤᠨ ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠬᠤᠷᠠᠯ ᠤᠨ ᠬᠤᠭᠤᠴᠠᠭᠠᠨ ᠳᠤ ᠪᠢᠯᠧᠲ ᠦᠭᠬᠦ ᠠᠷᠭ᠎ᠠ | ᠪᠠᠷ ᠵᠢᠩᠬᠢᠨᠢ ᠳᠦᠷᠤᠯ ᠵᠤᠶᠢᠯ ᠢ ᠰᠤᠩᠭᠤᠨ ᠳᠤᠬᠳᠠᠭᠠᠵᠤ᠂ ᠵᠠᠰᠠᠭ ᠤᠨ ᠤᠷᠳᠤᠨ ᠳᠤ ᠳᠤᠰᠢᠶᠠᠨ ᠵᠤᠬᠢᠶᠠᠨ ᠪᠠᠶᠢᠭᠤᠯᠤᠨ ᠭᠡᠷᠡᠭᠵᠢᠬᠦᠯᠵᠤ᠂ ᠳᠡᠷᠡᠴᠢᠯᠡᠨ ᠠᠷᠠᠳ | ᠤᠨ ᠳᠦᠯᠦᠭᠡᠯᠡᠭᠴᠢᠳ ᠤᠨ ᠶᠡᠭᠡ ᠬᠤᠷᠡᠯ ᠤᠨ ᠳᠦᠯᠦᠭᠡᠯᠡᠭᠴᠢ ᠪᠠ ᠠᠷᠠᠳ ᠤᠯᠠᠨ ᠤ ᠬᠢᠨᠠᠯᠳᠠ ᠶᠢ ᠬᠦᠯᠢᠶᠡᠬᠦ ᠳᠦᠷᠢᠮ ᠪᠤᠯᠤᠨ᠎ᠠ᠃ | ᠭᠤᠷᠪᠠᠨ ᠬᠦᠨᠳᠡᠯᠡᠨ ᠨᠢᠭᠡ ᠭᠤᠯᠳᠤ ᠳᠡᠮᠤᠷ ᠵᠠᠮ ᠤᠨ ᠳᠤᠤᠷ᠄ ︽ᠭᠤᠷᠪᠠᠨ ᠬᠦᠨᠳᠡᠯᠡᠨ︾ ᠭᠡᠳᠡᠭ ᠨᠢ ᠬᠠᠳᠤᠨ ᠭᠤᠤᠯ ᠳᠠᠭᠠᠤ ᠳᠡᠮᠤᠷ ᠵᠠᠮ᠂ ᠬᠦᠬᠡᠬᠤᠳᠠ | ᠵᠡᠬᠦᠨᠭᠠᠷ ᠤᠷᠳᠤᠰ ᠬᠦᠷᠬᠦ ᠳᠡᠮᠤᠷ ᠵᠠᠮ ᠢᠶᠠᠷ ᠭᠤᠤᠯᠯᠠᠭᠤᠯᠤᠬᠰᠠᠨ ᠬᠤᠶᠢᠳᠤ ᠭᠡᠰᠡᠭ ᠤᠨ ᠵᠠᠮ᠂ ᠵᠡᠬᠦᠨᠭᠠᠷ ᠠᠴᠠ ᠳ᠋ᠦᠩᠱᠧᠩ ᠬᠦᠷᠬᠦ ᠳᠡᠮᠤᠷ ᠵᠠᠮ᠂ ᠪᠠᠷᠳᠤ ᠶᠢᠨ | ᠳᠤᠬᠤᠢ ᠠᠴᠠ ᠵᠡᠬᠦᠨᠭᠠᠷ ᠬᠦᠷᠬᠦ ᠳᠡᠮᠤᠷ ᠵᠠᠮ᠂ ᠳ᠋ᠠ ᠯᠤ᠋ ᠠᠴᠠ ᠵᠡᠬᠦᠨᠭᠠᠷ ᠬᠦᠷᠬᠦ ᠳᠡᠮᠤᠷ ᠵᠠᠮ ᠢᠶᠠᠷ ᠭᠤᠤᠯᠯᠠᠭᠤᠯᠤᠬᠰᠠᠨ ᠳᠤᠮᠳᠠ ᠭᠡᠰᠡᠭ ᠤᠨ ᠵᠠᠮ᠂ ᠵᠡᠬᠦᠨᠭᠠᠷ | ᠠᠴᠠ ᠱᠦᠸᠧᠵᠸᠤ ᠬᠦᠷᠬᠦ ᠳᠡᠮᠤᠷ ᠵᠠᠮ᠂ ᠵᠡᠬᠦᠨᠭᠠᠷ ᠠᠴᠠ ᠱᠧᠨ ᠳ᠋ᠦᠩ ᠬᠦᠷᠬᠦ ᠳᠡᠮᠤᠷ ᠵᠠᠮ ᠢᠶᠠᠷ ᠭᠤᠤᠯᠯᠠᠭᠤᠯᠤᠬᠰᠠᠨ ᠡᠮᠤᠨ᠎ᠠ ᠭᠡᠰᠡᠭ ᠤᠨ ᠵᠠᠮ ᠢ ᠵᠢᠭᠠᠵᠤ ᠪᠤᠢ︔ | ︽ᠨᠢᠭᠡ ᠭᠤᠯᠳᠤ︾ ᠭᠡᠳᠡᠭ ᠨᠢ ᠬᠦᠬᠡᠬᠤᠳᠠ ᠠᠴᠠ ᠵᠡᠬᠦᠨᠭᠠᠷ ᠬᠦᠷᠬᠦ ᠳᠡᠮᠤᠷ ᠵᠠᠮ᠂ ᠳ᠋ᠠ ᠺᠠ ᠠᠴᠠ ᠮᠠ ᠴᠠᠩ ᠬᠤᠤ ᠬᠦᠷᠬᠦ ᠳᠡᠮᠤᠷ ᠵᠠᠮ ᠢᠶᠠᠷ | ᠭᠤᠤᠯᠯᠠᠭᠤᠯᠤᠬᠰᠠᠨ ᠡᠮᠤᠨ᠎ᠠ ᠬᠤᠶᠢᠨ᠎ᠠ ᠶᠢ ᠬᠤᠯᠪᠤᠬᠰᠠᠨ ᠵᠠᠮ ᠢ ᠵᠢᠭᠠᠵᠤ ᠪᠤᠢ᠃ | ᠨᠢᠭᠡ ᠪᠦᠰᠡ ᠨᠢᠭᠡ ᠵᠠᠮ᠄ ︽ᠳᠤᠷᠭᠠᠨ ᠵᠠᠮ ᠠᠵᠤ ᠠᠬᠤᠢ ᠶᠢᠨ ᠪᠦᠰᠡ︾ ᠪᠠ ︽21 ᠳ᠋ᠤᠭᠡᠷ ᠵᠠᠭᠤᠨ ᠤ ᠳᠠᠯᠠᠢ ᠳᠡᠭᠡᠷᠡᠬᠢ ᠳᠤᠷᠭᠠᠨ ᠵᠠᠮ︾ ᠤᠨ ᠳᠦᠬᠦᠮ | ᠨᠡᠷᠡᠶᠢᠳᠤᠯ ᠪᠤᠯᠤᠨ᠎ᠠ᠃ | ᠨᠢᠭᠡ ᠰᠦᠯᠵᠢᠶ᠎ᠠ᠂ ᠨᠢᠭᠡ ᠡᠬᠦᠳᠡ᠂ ᠨᠢᠭᠡ ᠤᠳᠠᠭ᠎ᠠ᠄ ᠠᠵᠤ ᠠᠬᠤᠶᠢᠯᠠᠯ ᠪᠠ ᠤᠯᠠᠨ ᠳᠦᠮᠡᠨ ᠰᠦᠯᠵᠢᠶᠡᠨ ᠳᠡᠭᠡᠷ᠎ᠠ ᠤᠴᠢᠷ ᠶᠠᠪᠤᠳᠠᠯ ᠪᠦᠳᠤᠭᠡᠬᠦ ᠳᠡᠭᠡᠨ ︽ | ᠨᠢᠭᠡ ᠰᠦᠯᠵᠢᠶ᠎ᠠ ᠪᠠᠷ ᠨᠡᠶᠢᠳᠡᠮ ᠬᠦᠢᠴᠡᠳᠭᠡᠨ︾᠂ ᠰᠦᠯᠵᠢᠶᠠᠨ ᠠᠴᠠ ᠭᠠᠳᠠᠨ᠎ᠠ ᠤᠴᠢᠷ ᠶᠠᠪᠤᠳᠠᠯ ᠪᠦᠳᠤᠭᠡᠬᠦ ᠳᠤ ︽ᠵᠦᠪᠭᠡᠨ ᠨᠢᠭᠡ ᠡᠬᠦᠳᠡ ᠪᠠᠷ ᠤᠷᠤᠵᠤ︾᠂ | ᠠᠬᠤᠢ ᠳᠠᠯᠠᠪᠠᠢ ᠳᠤ ᠤᠴᠢᠷ ᠶᠠᠪᠤᠳᠠᠯ ᠪᠦᠳᠤᠭᠡᠬᠦ ᠳᠤ ︽ᠬᠠᠮᠤᠭ ᠤᠯᠠᠨ ᠳᠠᠭᠠᠨ ᠨᠢᠭᠡ ᠤᠳᠠᠭ᠎ᠠ ᠬᠦᠶᠦᠬᠦ︾ ᠶᠢ ᠵᠢᠭᠠᠵᠤ ᠪᠤᠢ᠃ | ᠳᠠᠪᠤᠨ ᠤᠳᠤᠨ ᠳᠡᠰ ᠤᠨ ᠪᠠᠷᠢᠮᠵᠢᠶ᠎ᠠ᠄ ᠴᠢᠨᠡᠭᠡᠯᠢᠭ ᠨᠡᠶᠢᠭᠡᠮ ᠢ ᠪᠦᠬᠦ ᠳᠠᠯ᠎ᠠ ᠪᠠᠷ ᠪᠡᠶᠡᠯᠡᠬᠦᠯᠬᠦ ᠪᠠᠷᠢᠮᠵᠢᠶ᠎ᠠ᠂ ᠨᠠᠮ ᠤᠨ ᠪᠠᠶᠢᠭᠤᠯᠤᠯᠳᠠ᠂ ᠪᠠᠶᠠᠨ ᠴᠢᠨᠡᠭᠡᠯᠢᠭ᠂ | ᠦᠵᠡᠰᠬᠦᠯᠡᠩᠳᠤ ᠰᠠᠶᠢᠬᠠᠨ᠂ ᠡᠶ᠎ᠡ ᠵᠤᠬᠢᠴᠠᠯ᠂ ᠪᠤᠯᠪᠠᠰᠤᠨ ᠤ ᠬᠢᠷᠢ ᠳᠦᠪᠰᠢᠨ ᠨᠢ ᠤᠳᠤᠨ ᠳᠡᠰ ᠤᠨ ᠪᠠᠷᠢᠮᠵᠢᠶᠠᠨ ᠳᠤ ᠬᠦᠷᠦᠭᠰᠡᠨ ᠡᠬᠦᠳᠤᠨ ᠪᠠᠶᠢᠭᠤᠯᠬᠤ ᠠᠵᠢᠯ | ᠢ ᠵᠢᠭᠠᠵᠤ ᠪᠤᠢ᠃ | ᠭᠤᠷᠪᠠᠨ ᠶᠡᠭᠡ ᠪᠤᠭᠤᠮᠳᠠ ᠰᠢᠪᠳᠤᠯᠬᠤ ᠳᠠᠶᠢᠯᠠᠯᠳᠤᠭᠠᠨ᠄ ᠬᠦᠨᠳᠤ ᠶᠡᠭᠡ ᠠᠶᠤᠯ ᠳᠦᠭᠰᠢᠬᠦᠷᠢ ᠶᠢ ᠰᠡᠷᠭᠡᠶᠢᠯᠡᠨ ᠨᠠᠮᠳᠠᠭᠤᠯᠬᠤ ᠪᠤᠭᠤᠮᠳᠠ ᠰᠢᠪᠳᠤᠯᠬᠤ | ᠳᠠᠶᠢᠯᠠᠯᠳᠤᠭᠠᠨ᠂ ᠤᠨᠢᠨ ᠳᠡᠭᠡᠷ᠎ᠠ ᠨᠢ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠨ᠂ ᠪᠤᠬᠢᠷᠳᠤᠯ ᠢ ᠰᠡᠷᠭᠡᠶᠢᠯᠡᠨ ᠵᠠᠰᠠᠬᠤ ᠪᠤᠭᠤᠮᠳᠠ | ᠰᠢᠪᠳᠤᠯᠬᠤ ᠳᠠᠶᠢᠯᠠᠯᠳᠤᠭᠠᠨ ᠢ ᠵᠢᠭᠠᠵᠤ ᠪᠤᠢ᠃ | ᠳᠦᠷᠪᠡᠨ ᠰᠤᠷᠳᠠᠯ ᠤᠨ ᠠᠰᠠᠭᠤᠳᠠᠯ᠄ ᠭᠡᠯᠪᠡᠷᠢᠴᠢ ᠦᠵᠡᠯ᠂ ᠨᠤᠶᠠᠨᠴᠢ ᠦᠵᠡᠯ᠂ ᠵᠢᠷᠭᠠᠨ ᠴᠡᠩᠭᠡᠬᠦ ᠦᠵᠡᠯ ᠪᠠ ᠱᠠᠯᠢᠨ ᠪᠦᠷᠢᠯᠭᠡᠬᠦ ᠦᠵᠡᠯ ᠤᠨ ᠰᠤᠷᠳᠠᠯ ᠢ | ᠵᠢᠭᠠᠵᠤ ᠪᠤᠢ᠃ | | | | | |