ᠸᠠᠨ ᠶᠦᠩ᠄ ᠦᠭᠡᠳᠡᠯᠡᠨ ᠳᠠᠪᠰᠢᠳᠠᠭ ᠤᠷᠢ ᠵᠠᠯᠠᠭᠤ ᠨᠠᠰᠤ ᠦᠨᠡᠭᠡᠷᠡᠨ ᠭᠤᠶᠤ
ᠨᠡᠶᠢᠲᠡᠯᠡᠭᠰᠡᠨ ᠴᠠᠭ᠄
2019/7/16
   ᠰᠤᠷᠪᠤᠯᠵᠢᠯᠠᠬᠴᠢ ᠸᠠᠨ ᠶᠦᠩ ᠲᠠᠢ ᠠᠭᠤᠯᠵᠠᠬᠤ ᠳᠤ᠂  ᠳᠡᠷᠡ ᠱᠠᠹᠠ ᠳᠡᠭᠡᠷ᠎ᠠ ᠰᠦᠬᠦᠳᠤᠨ ᠭᠡᠷᠡᠮ ᠳᠡᠭᠡᠷᠡᠬᠢ ᠵᠠᠷ ᠮᠡᠳᠡᠭᠡᠨ ᠤ ᠫᠠᠶᠢᠰᠠ ᠶᠢᠨ ᠶᠡᠭᠡ ᠪᠠᠭ᠎ᠠ ᠶᠢ ᠭᠡᠮᠵᠢᠵᠤ ᠪᠠᠶᠢᠭ᠎ᠠ ᠲᠠᠢ ᠳᠠᠭᠠᠷᠠᠯᠳᠤᠬᠰᠠᠨ ᠶᠤᠮ᠃ ︽ᠲᠠ ᠶᠠᠮᠠᠷ ᠶᠠᠩᠵᠤ ᠶᠢᠨ᠂  ᠶᠠᠮᠠᠷ ᠠᠭᠤᠯᠭ᠎ᠠ ᠲᠠᠢ ᠵᠠᠷ ᠮᠡᠳᠡᠭᠡ ᠬᠢᠯᠭᠡᠬᠦ ᠪᠤᠢ︖︾ ᠭᠡᠮᠡᠨ ᠵᠠᠷ ᠮᠡᠳᠡᠭᠡᠨ ᠤ ᠫᠠᠶᠢᠰᠠ ᠶᠢᠨ ᠶᠡᠭᠡ ᠪᠠᠭ᠎ᠠ ᠶᠢ ᠭᠡᠮᠵᠢᠭᠰᠡᠨ ᠸᠠᠨ ᠶᠦᠩ ᠭᠡᠷᠡᠭᠯᠡᠭᠴᠢ ᠶᠢᠨ ᠱᠠᠭᠠᠷᠳᠠᠯᠭ᠎ᠠ ᠶᠢ ᠨᠠᠷᠢᠨ ᠨᠢᠮᠪᠠᠢ ᠠᠰᠠᠭᠤᠨ ᠰᠤᠷᠠᠵᠤ ᠪᠠᠶᠢᠯ᠎ᠠ᠃ ᠭᠡᠷᠡᠭᠯᠡᠭᠴᠢ ᠦᠪᠡᠷ ᠤᠨ ᠱᠠᠭᠠᠷᠳᠠᠯᠭ᠎ᠠ ᠪᠠᠨ ᠶᠠᠷᠢᠵᠤ᠂  ᠸᠠᠨ ᠶᠦᠩ ᠨᠢᠭᠡ ᠳᠠᠯ᠎ᠠ ᠪᠠᠷ ᠨᠢᠮᠪᠠᠢ ᠰᠤᠨᠤᠰᠤᠨ ᠨᠦᠬᠦᠭᠡ ᠳᠠᠯ᠎ᠠ ᠪᠠᠷ ᠳᠡᠮᠳᠡᠭᠯᠡᠯ ᠤᠨ ᠳᠡᠪᠳᠡᠷ ᠳᠡᠭᠡᠷ᠎ᠠ ᠪᠠᠨ ᠨᠠᠷᠢᠨ ᠳᠡᠮᠳᠡᠭᠯᠡᠵᠤ ᠪᠠᠶᠢᠯ᠎ᠠ᠃ ᠤᠬᠤᠷ ᠭᠡᠵᠢᠭᠡ ᠳᠠᠯᠪᠢᠵᠤ᠂  ᠴᠠᠭᠠᠨ ᠦᠩᠭᠡᠳᠡᠢ ᠤᠬᠤᠷ ᠬᠠᠨᠴᠤᠢ ᠲᠠᠢ ᠬᠠᠨᠳᠠᠭᠠᠰᠤ ᠪᠠ ᠬᠠᠷ᠎ᠠ ᠦᠩᠭᠡᠳᠡᠢ ᠤᠬᠤᠷ ᠦᠮᠤᠳᠤ ᠡᠮᠤᠰᠴᠤ᠂ ᠳᠠᠮᠢᠷ ᠤᠨ ᠱᠠᠬᠠᠢ ᠡᠮᠦᠰᠦᠭᠰᠡᠨ ᠸᠠᠨ ᠶᠦᠩ ᠢ ᠬᠠᠷᠠᠬᠤ ᠳᠤ ᠳᠤᠬᠳᠠᠭᠤᠨ ᠳᠦᠯᠭᠡᠨ ᠵᠠᠩ ᠲᠠᠢ ᠪᠠᠶᠢᠬᠰᠠᠨ ᠴᠦ ᠰᠠᠨᠠᠬᠰᠠᠨ ᠳᠠᠭᠠᠨ ᠬᠦᠷᠳᠡᠭ ᠡᠷ᠎ᠠ ᠬᠦᠮᠤᠨ ᠤ ᠵᠤᠷᠢᠭ ᠰᠦᠰᠦ  ᠶᠢ ᠬᠠᠳᠠᠭᠠᠯᠠᠬᠰᠠᠨ ᠨᠢᠭᠤᠷ ᠴᠢᠷᠠᠢ ᠨᠢ ᠳᠠᠨ ᠳᠤ ᠵᠠᠯᠠᠭᠤ ᠬᠦᠮᠤᠨ ᠤ ᠤᠮᠤᠭ ᠵᠤᠷᠢᠭ ᠢ ᠬᠠᠷᠠᠭᠤᠯᠤᠨ᠎ᠠ᠃     ᠶᠠᠭᠠᠷᠠᠵᠤ ᠪᠠᠷᠠᠬᠰᠠᠨ ᠤ ᠳᠠᠷᠠᠭ᠎ᠠ᠂  ᠰᠤᠷᠪᠤᠯᠵᠢᠯᠠᠬᠴᠢ ᠸᠠᠨ ᠶᠦᠩ ᠢ ᠳᠠᠭᠠᠵᠤ ᠳᠡᠳᠡᠨ ᠤ ᠵᠠᠷ ᠮᠡᠳᠡᠭᠡᠨ ᠤ ᠤᠶᠢᠯᠡᠴᠢᠯᠡᠭᠡᠨ ᠤ ᠭᠠᠵᠠᠷ ᠬᠦᠷᠬᠦ ᠳᠤ᠂  ᠳᠡᠷᠡ  ᠰᠤᠷᠪᠤᠯᠵᠢᠯᠠᠬᠴᠢ ᠶᠢ ᠬᠠᠯᠠᠭᠤᠮᠰᠤᠭ ᠢᠶᠠᠷ ᠵᠤᠴᠢᠯᠠᠨ ᠦᠪᠡᠷ ᠤᠨ ᠢᠶᠠᠨ ᠤᠶᠢᠯᠡᠰ ᠪᠦᠳᠤᠭᠡᠭᠰᠡᠨ ᠦᠯᠢᠭᠡᠷ ᠪᠠᠨ ᠬᠠᠭᠤᠴᠢᠯᠠᠨ᠎ᠠ᠃ 2016  ᠤᠨ ᠳᠤ᠂  ᠸᠠᠨ ᠶᠦᠩ ᠶᠡᠭᠡ ᠰᠤᠷᠭᠠᠭᠤᠯᠢ ᠪᠠᠨ ᠳᠡᠬᠦᠰᠭᠡᠮᠡᠭᠴᠡ ︽ᠠᠵᠢᠯ  ᠠᠯᠳᠠᠴᠢᠬᠠᠯ᠎ᠠ︾᠃ ᠳᠡᠭᠡᠭᠡᠳ ᠳᠡᠷᠡ ᠶᠡᠭᠡ ᠰᠤᠷᠭᠠᠭᠤᠯᠢ ᠳᠤ ᠰᠤᠷᠤᠬᠰᠠᠨ ᠬᠠᠪᠳᠠᠭᠠᠢ ᠭᠠᠳᠠᠷᠭᠤ ᠶᠢᠨ ᠵᠢᠷᠤᠭ ᠳᠦᠯᠦᠪᠯᠡᠭᠡ ᠬᠢᠬᠦ ᠮᠡᠷᠭᠡᠵᠢᠯ ᠳᠡᠭᠡᠨ ᠳᠦᠰᠢᠭᠯᠡᠨ ᠨᠢᠭᠡᠨ ᠵᠠᠷ ᠮᠡᠳᠡᠭᠡᠨ ᠤ ᠵᠢᠷᠤᠭ ᠳᠦᠯᠦᠪᠯᠡᠭᠡ ᠬᠢᠬᠦ ᠺᠤᠮᠫᠠᠨᠢ ᠳᠤ ᠵᠢᠷᠤᠭ ᠳᠦᠯᠦᠪᠯᠡᠭᠡ ᠬᠢᠬᠦ ᠠᠵᠢᠯ ᠲᠠᠢ ᠪᠤᠯᠵᠤ᠂  ᠳᠡᠷᠡᠴᠢᠯᠡᠨ ᠠᠵᠢᠯ ᠤᠨ ᠳᠤᠮᠳᠠ ᠮᠠᠰᠢ ᠤᠯᠠᠨ ᠭᠡᠷᠡᠭᠯᠡᠭᠴᠢ ᠶᠢᠨ ᠰᠠᠶᠢᠨ ᠦᠨᠡᠯᠡᠯᠳᠡ ᠶᠢ ᠤᠯᠤᠬᠰᠠᠨ ᠪᠠᠶᠢᠨ᠎ᠠ᠃  ᠢᠩᠬᠢᠭᠡᠳ ᠨᠢᠭᠡ ᠵᠢᠯ ᠤᠨ ᠳᠠᠷᠠᠭ᠎ᠠ᠂ ᠳᠡᠷᠡ ᠬᠠᠷᠢᠨ ᠦᠪᠡᠷ ᠤᠨ ᠡᠵᠡᠮᠳᠡᠭᠰᠡᠨ ᠳᠤᠰᠬᠠᠢ ᠮᠡᠷᠭᠡᠵᠢᠯ ᠢᠶᠠᠨ ᠳᠤᠷ᠎ᠠ ᠰᠤᠨᠢᠷᠬᠠᠯ ᠢᠶᠠᠨ ᠪᠤᠯᠭᠠᠵᠤ᠂ ᠳᠡᠬᠦᠨᠴᠢᠯᠡᠨ ᠪᠠᠰᠠ ᠰᠢᠨ᠎ᠠ ᠬᠠᠷᠠᠯᠳᠠ ᠳᠤᠬᠳᠠᠭᠠᠪᠠ᠃ ᠸᠠᠨ ᠶᠦᠩ ᠠᠵᠢᠯ ᠢᠶᠠᠨ ᠵᠤᠬᠰᠤᠭᠠᠬᠤ ᠪᠠᠷ ᠰᠢᠢᠳᠴᠤ ᠤᠶᠢᠯᠡᠰ ᠪᠦᠳᠤᠭᠡᠬᠦ ᠵᠠᠮ ᠢ ᠰᠤᠩᠭᠤᠬᠰᠠᠨ ᠪᠠᠶᠢᠨ᠎ᠠ᠃     ᠭᠡᠯᠡᠪᠡᠯ ᠬᠢᠳᠡᠭ ᠳᠡᠷᠡ᠂ 2018 ᠤᠨ ᠤ 8 ᠰᠠᠷ᠎ᠠ ᠳᠤ᠂  ᠠᠵᠢᠯ ᠢᠶᠠᠨ ᠵᠤᠬᠰᠤᠭᠠᠵᠤ᠂  ᠳᠠᠬᠢᠨᠳᠠ  ︽ᠠᠵᠢᠯ ᠠᠯᠳᠠᠬᠰᠠᠨ︾   ᠴᠦ ᠦᠪᠡᠷ ᠤᠨ ᠭᠡᠬᠦ ᠵᠠᠷ ᠮᠡᠳᠡᠭᠡᠨ ᠤ ᠤᠶᠢᠯᠡᠴᠢᠯᠡᠭᠡᠨ ᠤ ᠭᠠᠵᠠᠷ ᠢᠶᠠᠨ ᠭᠠᠷᠭᠠᠬᠤ ᠪᠠᠷ ᠮᠤᠩᠭᠠᠨᠢᠪᠠ᠃ ︽ᠡᠪᠳᠤ ᠳᠡᠤᠯᠡᠢ ᠱᠠᠭᠠᠵᠠᠭᠠᠢ ᠪᠠᠷᠢᠨ᠎ᠠ︾ ᠭᠡᠳᠡᠭᠴᠢᠯᠡᠨ᠂ ᠸᠠᠨ ᠶᠦᠩ ᠲᠠᠢ ᠬᠠᠮᠳᠤ ᠠᠵᠢᠯᠯᠠᠳᠠᠭ ᠰᠠᠶᠢᠨ ᠨᠠᠶᠢᠵᠠ ᠭᠤᠤ ᠰᠢᠶᠠ ᠳᠡᠬᠦᠨ ᠤ ᠡᠨᠡ ᠪᠤᠳᠤᠯ ᠢ ᠦᠵᠡᠵᠤ ᠭᠠᠷᠤᠭᠠᠳ ᠳᠡᠬᠦᠨ ᠲᠠᠢ ᠬᠠᠮᠳᠤ ᠤᠶᠢᠯᠡᠰ ᠪᠦᠳᠤᠭᠡᠬᠦ ᠪᠠᠷ ᠵᠤᠷᠢᠭ ᠰᠢᠭᠤᠳᠴᠠᠢ᠃ ᠭᠤᠤ ᠰᠢᠶᠠ ᠴᠤ ᠠᠵᠢᠯ ᠢᠶᠠᠨ ᠵᠤᠬᠰᠤᠭᠠᠵᠤ᠂  ᠸᠠᠨ ᠶᠦᠩ ᠤᠨ ᠬᠠᠮᠳᠤ ᠠᠵᠢᠯᠯᠠᠬᠴᠢ ᠪᠤᠯᠪᠠ᠃ ︽ᠳᠦᠮᠡᠨ ᠭᠡᠷᠡᠭ ᠤᠨ ᠳᠦᠷᠦᠬᠦᠦ ᠠᠯᠬᠤᠮ ᠪᠡᠷᠭᠡ︾ ᠭᠡᠳᠡᠭ ᠢᠶᠠᠷ᠂  ᠦᠪᠡᠷ ᠤᠨ ᠬᠢᠨᠢ ᠪᠡᠯᠡᠳᠦᠭᠰᠡᠨ ᠪᠡᠯᠡ ᠮᠦᠩᠬᠦ ᠨᠢ ᠬᠦᠷᠦᠯᠴᠡᠬᠦ ᠦᠭᠡᠢ᠂  ᠳᠤᠬᠢᠷᠠᠮᠵᠢᠳᠠᠢ ᠭᠡᠷ ᠪᠠᠶᠢᠰᠢᠩ ᠴᠦ ᠤᠯᠳᠠᠬᠤ ᠦᠭᠡᠢ᠂ ᠭᠡᠷ  ᠤᠨ ᠳᠦᠷᠢᠶᠡᠰᠤᠨ ᠵᠤᠭᠤᠰ ᠨᠢ ᠴᠤ ᠦᠨ᠎ᠠ ᠲᠠᠢ᠂ ᠳᠦᠷᠢᠶᠡᠰᠤᠨ ᠵᠤᠭᠤᠰ ᠬᠢᠮᠳᠠ ᠨᠢ ᠭᠠᠵᠠᠷ ᠤᠨ ᠪᠠᠶᠢᠴᠠ ᠨᠢ ᠰᠠᠶᠢᠨ ᠪᠢᠰᠢ ᠁ ᠭᠡᠮᠡᠨ ᠳᠡᠷᠡ ᠡᠬᠢᠯᠡᠵᠤ ᠤᠶᠢᠯᠡᠰ ᠪᠦᠳᠤᠭᠡᠬᠦ ᠦᠶ᠎ᠠ ᠶᠢᠨ ᠦᠯᠢᠭᠡᠷ ᠢᠶᠠᠨ ᠢᠩᠬᠢᠵᠤ ᠬᠠᠭᠤᠴᠢᠯᠠᠨ᠎ᠠ᠃ ᠸᠠᠨ ᠶᠦᠩ᠂  ᠭᠤᠤ ᠰᠢᠶᠠ ᠬᠤᠶᠠᠭᠤᠯᠠ ᠵᠠᠪ ᠴᠢᠯᠦᠭᠡ ᠭᠠᠷᠤᠬᠰᠠᠭᠠᠷ ᠯᠠ ᠵᠡᠭᠡᠯᠢ ᠭᠤᠳᠤᠮᠵᠢ ᠪᠠᠷ ᠡᠷᠬᠢᠴᠡᠨ᠂ APP ᠳᠤᠨᠤᠬᠯᠠᠯ ᠳᠡᠭᠡᠷ᠎ᠠ ᠠᠴᠠ ᠪᠤᠶᠤ ᠳᠠᠨᠢᠬᠤ ᠬᠦᠮᠤᠨ ᠠᠴᠠ ᠪᠠᠨ ᠭᠡᠷ ᠪᠠᠶᠢᠰᠢᠩ ᠰᠤᠷᠠᠬᠯᠠᠨ᠎ᠠ᠃ ︽ᠴᠢᠷᠮᠠᠶᠢᠯᠭ᠎ᠠ ᠬᠦᠮᠤᠨ ᠢ ᠭᠤᠮᠤᠳᠠᠭᠠᠬᠤ ᠦᠭᠡᠢ︾ ᠭᠡᠳᠡᠭᠴᠢᠯᠡᠨ᠂  ᠳᠡᠳᠡ ᠬᠤᠶᠠᠭᠤᠯᠠ ᠡᠴᠤᠰ ᠲᠡᠭᠡᠨ ᠳᠤᠬᠢᠷᠠᠮᠵᠢᠳᠠᠢ ᠭᠡᠷ ᠤᠯᠵᠤ᠂ ᠬᠤᠶᠠᠷ ᠬᠦᠮᠤᠨ ᠤ ᠪᠠᠴᠢᠮ ᠶᠠᠭᠠᠷᠠᠯᠳᠠᠢ  ᠪᠡᠯᠡᠳᠭᠡᠵᠤ᠂  ᠳᠤᠨᠤᠭ ᠳᠦᠬᠦᠭᠡᠷᠤᠮᠵᠢ ᠪᠠᠨ ᠪᠠᠵᠠᠭᠠᠬᠤ ᠪᠠᠷ ᠳᠠᠮᠵᠢᠨ᠂  ᠨᠢᠭᠡ ᠰᠠᠷ᠎ᠠ ᠭᠠᠷᠤᠢ ᠶᠢᠨ ᠬᠢᠨᠢ ᠳᠠᠷᠠᠭ᠎ᠠ᠂ 2018  ᠤᠨ ᠤ 9 ᠰᠠᠷ᠎ᠠ ᠶᠢᠨ ᠰᠡᠬᠦᠯᠴᠢ  ᠪᠠᠷ᠂  ᠵᠢᠤᠢ ᠹᠠᠨ ᠵᠠᠷ ᠮᠡᠳᠡᠭᠡᠨ ᠤ ᠤᠶᠢᠯᠡᠴᠢᠯᠡᠭᠡᠨ ᠤ ᠭᠠᠵᠠᠷ ᠵᠢᠩᠬᠢᠨᠢ ᠪᠠᠷ ᠡᠬᠦᠳᠡ ᠪᠠᠨ ᠨᠡᠭᠡᠭᠡᠭᠰᠡᠨ ᠪᠠᠶᠢᠨ᠎ᠠ᠃     ᠤᠶᠢᠯᠡᠴᠢᠯᠡᠭᠡᠨ ᠤ ᠭᠠᠵᠠᠷ ᠪᠠᠶᠢᠭᠤᠯᠤᠬᠳᠠᠬᠰᠠᠨ ᠤ ᠳᠠᠷᠠᠭ᠎ᠠ᠂  ᠵᠠᠷ ᠮᠡᠳᠡᠭᠡ ᠤᠬᠠᠭᠠᠯᠠᠬᠤ᠂  ᠵᠢᠷᠤᠭ ᠳᠦᠯᠦᠪᠯᠡᠭᠡ ᠬᠢᠬᠦ᠂  ᠤᠶᠢᠯᠡᠳᠬᠦ᠂  ᠵᠡᠷ ᠮᠡᠳᠡᠭᠡ ᠨᠡᠶᠢᠳᠡᠯᠡᠬᠦ᠂ ᠦᠰᠦᠭ ᠵᠢᠷᠤᠭ ᠤᠨ ᠳᠦᠯᠦᠪᠯᠡᠭᠡ ᠬᠢᠬᠦ᠂  ᠫᠠᠶᠢᠰᠠ ᠢᠯᠡᠷᠭᠡᠶᠢᠯᠡᠯ ᠬᠢᠬᠦ᠂  ᠤᠷᠢᠶ᠎ᠠ ᠡᠯᠬᠦᠭᠡᠰᠤ ᠬᠢᠬᠦ ᠵᠢᠴᠢ ᠤᠬᠰᠠᠷᠠᠬᠤ᠂  ᠦᠰᠦᠭ ᠴᠤᠬᠢᠵᠤ ᠳᠠᠷᠤᠮᠠᠯᠯᠠᠬᠤ᠂  ᠭᠡᠷᠡᠯ ᠵᠢᠷᠤᠭ ᠳᠠᠳᠠᠬᠤ ᠵᠡᠷᠭᠡ ᠤᠶᠢᠯᠡᠴᠢᠯᠡᠭᠡ ᠬᠠᠩᠭᠠᠬᠰᠠᠨ ᠪᠠᠶᠢᠨ᠎ᠠ᠃ ᠸᠠᠨ ᠶᠦᠩ ᠵᠢᠷᠤᠭ ᠳᠦᠯᠦᠪᠯᠡᠭᠡ ᠬᠢᠬᠦ   ᠶᠢ ᠬᠠᠷᠢᠭᠤᠴᠠᠨ᠂  ᠭᠤᠤ ᠰᠢᠶᠠ ᠸᠠᠨ ᠶᠦᠩ ᠳᠤ ᠬᠠᠮᠵᠢᠯᠴᠠᠬᠤ ᠶᠢᠨ ᠵᠠᠪᠰᠠᠷ ᠢᠶᠠᠷ ᠪᠠᠰᠠ ᠨᠢᠬᠳᠠᠯᠠᠨ ᠪᠤᠳᠤᠬᠴᠢ ᠶᠢᠨ ᠠᠵᠢᠯ ᠢ ᠭᠠᠷᠳᠠᠨ ᠬᠢᠵᠤ᠂  ᠬᠤᠶᠠᠷ ᠬᠦᠮᠤᠨ ᠠᠵᠢᠯ ᠤᠨ ᠬᠤᠪᠢᠶᠠᠷᠢᠯᠠᠯ ᠢᠶᠠᠨ ᠳᠤᠳᠤᠷᠬᠠᠶᠢᠯᠠᠨ᠂ ᠳᠤᠬᠢᠳᠠᠢ ᠬᠠᠮᠵᠢᠯᠴᠠᠨ᠎ᠠ᠃ ᠳᠡᠷᠡ ᠬᠤᠶᠠᠭᠤᠯᠠ ᠡᠨᠡᠬᠦ ᠤᠶᠢᠯᠡᠴᠢᠯᠡᠭᠡᠨ ᠤ ᠭᠠᠵᠠᠷ ᠢ ᠦᠪᠡᠷ ᠤᠨ ᠭᠡᠷ ᠢᠶᠠᠨ ᠪᠤᠯᠭᠠᠵᠤ ᠦᠷᠯᠦᠭᠡᠨ ᠤ 8  ᠴᠠᠭ ᠠᠴᠠ ᠤᠷᠤᠢ ᠶᠢᠨ 8  ᠴᠠᠭ ᠪᠤᠯᠳᠠᠯ᠎ᠠ ᠠᠳᠡ ᠬᠤᠷᠭᠤᠳᠠᠨ ᠵᠢᠷᠤᠭ ᠳᠦᠯᠦᠪᠯᠡᠭᠡ ᠪᠠᠨ ᠶᠠᠭᠠᠬᠢᠵᠤ ᠬᠢᠬᠦ ᠪᠠᠨ ᠵᠦᠪᠳᠡᠯᠴᠡᠬᠦ ᠶᠢᠨ ᠳᠠᠭᠠᠤ ᠬᠦᠮᠤᠰ ᠤᠨ ᠵᠠᠬᠢᠶᠠᠯᠠᠭ᠎ᠠ ᠶᠢ ᠬᠦᠯᠢᠶᠡᠨ ᠰᠠᠭᠤᠨ᠎ᠠ᠃     ᠡᠮᠤᠨ᠎ᠠ ᠬᠤᠭᠤᠴᠠᠭᠠᠨ ᠤ ᠠᠵᠢᠯ ᠤᠨ ᠬᠤᠷᠠᠮᠳᠤᠭᠤᠯᠭ᠎ᠠ ᠨᠢ ᠳᠡᠳᠡ ᠬᠤᠶᠠᠭᠤᠯᠠ ᠶᠢᠨ ᠤᠳᠤᠬᠠᠨ ᠤ ᠠᠵᠢᠯ ᠳᠤᠨᠢ ᠵᠤᠬᠢᠬᠤ ᠰᠠᠭᠤᠷᠢ ᠶᠢ ᠳᠠᠯᠪᠢᠬᠰᠠᠨ ᠢᠶᠠᠷ᠂ ᠵᠠᠷᠢᠮ ᠸᠠᠨ ᠶᠦᠩ ᠢ ᠳᠠᠨᠢᠳᠠᠭ ᠭᠡᠷᠡᠭᠯᠡᠭᠴᠢᠳ ᠳᠡᠳᠡᠨ ᠤ ᠳᠤ ᠢᠷᠡᠵᠤ ᠵᠢᠷᠤᠭ ᠳᠦᠯᠦᠪᠯᠡᠭᠡ ᠬᠢᠯᠭᠡᠨ᠎ᠠ᠂  ᠵᠠᠷᠢᠮ ᠴᠦᠭᠡᠨ ᠳᠤᠭᠠᠨ ᠤ ᠭᠡᠷᠡᠭᠯᠡᠭᠴᠢ ᠳᠦᠭᠡᠷᠢᠵᠤ ᠶᠠᠪᠤᠬᠰᠠᠭᠠᠷ ᠪᠠᠶᠢᠭᠠᠳ ᠳᠡᠬᠦᠨ ᠢ ᠳᠠᠨᠢᠭᠠᠳ ᠠᠪᠴᠢᠬᠠᠨ᠎ᠠ᠂ ᠵᠠᠷᠢᠮ ᠳᠠᠨᠢᠯ ᠬᠦᠮᠤᠨ ᠤ ᠳᠠᠨᠢᠯᠴᠠᠭᠤᠯᠭ᠎ᠠ ᠪᠠᠷ ᠸᠠᠨ ᠶᠦᠩ ᠢ ᠡᠷᠢᠵᠤ ᠢᠷᠡᠬᠦ ᠨᠢ ᠴᠦ ᠪᠤᠢ᠃ ᠶᠠᠭᠤ ᠴᠦ ᠭᠡᠰᠡᠨ ᠤᠶᠢᠯᠡᠴᠢᠯᠡᠭᠡᠨ ᠤ ᠭᠠᠵᠠᠷ ᠨᠢ ᠵᠠᠮ ᠮᠦᠷ ᠲᠡᠭᠡᠨ ᠤᠷᠤᠵᠤ᠂  ᠠᠷᠠᠯᠵᠢᠶ᠎ᠠ ᠮᠠᠶᠢᠮᠠᠢ ᠨᠢ ᠤᠯᠠᠮ ᠠᠴᠠ ᠤᠯᠠᠮ ᠰᠠᠶᠢᠵᠢᠷᠠᠯ᠎ᠠ᠃ ᠭᠡᠷᠡᠭᠯᠡᠭᠴᠢ ᠶᠢᠨ ᠭᠡᠷ  ᠲᠤᠨᠢ ᠤᠴᠢᠵᠤ ᠶᠡᠭᠡ ᠪᠠᠭ᠎ᠠ ᠶᠢ ᠭᠡᠮᠵᠢᠨ᠎ᠠ᠂ ᠵᠢᠷᠤᠭ ᠳᠦᠯᠦᠪᠯᠡᠭᠡ ᠬᠢᠨ᠎ᠠ᠂  ᠳᠠᠷᠤᠮᠠᠯᠯᠠᠨ᠎ᠠ᠂  ᠪᠠᠷᠠᠭ᠎ᠠ ᠬᠦᠷᠭᠡᠨ᠎ᠠ ᠭᠡᠳ ᠶᠡᠭᠡ ᠪᠠᠭ᠎ᠠ ᠤᠴᠢᠷ ᠪᠠᠶᠢᠬᠤ ᠯᠠ᠂  ᠭᠡᠰᠡᠨ ᠴᠤ ᠳᠡᠷᠡ ᠬᠤᠶᠠᠭᠤᠯᠠ ᠶᠠᠷᠰᠢᠭ ᠳᠦᠪᠡᠭ ᠲᠠᠢ ᠪᠠᠶᠢᠨ᠎ᠠ ᠭᠡᠳ ᠠᠯᠢ ᠶᠢ ᠴᠤ ᠳᠦᠯᠬᠢᠭᠰᠡᠨ ᠦᠭᠡᠢ᠂  ᠬᠠᠯᠠᠭᠤᠮᠰᠤᠭ ᠢᠶᠠᠷ ᠤᠶᠢᠯᠡᠴᠢᠯᠡᠵᠤ᠂  ᠬᠦᠯᠢᠶᠡᠵᠤ ᠠᠪᠤᠬᠰᠠᠨ ᠮᠠᠶᠢᠮᠠᠢ ᠪᠠᠨ ᠨᠢᠭᠡᠳ ᠨᠢᠭᠡ ᠪᠠᠷ ᠨᠠᠷᠢᠯᠢᠭ ᠰᠠᠶᠢᠬᠠᠨ᠂  ᠭᠡᠷᠡᠭᠯᠡᠭᠴᠢᠳ ᠤᠨ ᠰᠠᠨᠠᠭᠠᠨ ᠳᠤ ᠬᠦᠷᠳᠡᠯ᠎ᠠ ᠨᠢᠮᠪᠠᠢ ᠪᠡᠶᠡᠯᠡᠬᠦᠯᠤᠨ᠎ᠠ᠃ ︽ᠸᠠᠨ ᠶᠦᠩ ᠪᠢᠳᠠ ᠬᠤᠶᠠᠭᠤᠯᠠ ᠵᠢᠷᠤᠭ ᠳᠦᠯᠦᠪᠯᠡᠭᠡ ᠶᠢᠨ ᠡᠭᠡ ᠪᠢᠴᠢᠭ ᠢᠶᠠᠨ ᠳᠠᠬᠢᠨ ᠳᠠᠪᠳᠠᠨ ᠵᠠᠰᠠᠵᠤ᠂ ᠤᠤᠯ ᠤᠨ ᠬᠢ ᠠᠴᠠ ᠪᠠᠨ ᠬᠤᠯᠠ ᠨᠠᠷᠢᠯᠢᠭ ᠰᠠᠶᠢᠬᠠᠨ ᠬᠢᠵᠤ᠂  ᠭᠡᠷᠡᠭᠯᠡᠭᠴᠢ ᠶᠢᠨ ᠰᠠᠨᠠᠭᠠᠨ ᠳᠤ ᠬᠦᠷᠭᠡᠳᠡᠭ ᠶᠤᠮ᠂  ᠪᠢᠳᠠ  ᠬᠤᠶᠠᠭᠤᠯᠠ ᠶᠠᠷᠰᠢᠭ ᠳᠦᠪᠡᠭ ᠢ ᠶᠠᠭᠤᠮᠡᠨ ᠳᠡᠳᠤᠢ ᠪᠤᠳᠤᠳᠠᠭ ᠦᠭᠡᠢ᠂  ᠬᠠᠷᠢᠨ ᠭᠡᠷᠡᠭᠯᠡᠭᠴᠢ ᠰᠡᠳᠬᠢᠯ ᠬᠠᠨᠤᠮᠵᠢᠳᠠᠢ ᠪᠠᠶᠢᠬᠤ ᠪᠤᠯ ᠳᠡᠷᠢᠬᠦᠨ ᠴᠢᠬᠤᠯᠠ ᠶᠠᠪᠤᠳᠠᠯ ᠰᠢᠤ︾ ᠭᠡᠵᠤ ᠭᠤᠤ ᠰᠢᠶᠠ ᠰᠤᠷᠪᠤᠯᠵᠢᠯᠠᠬᠴᠢ ᠳᠤ ᠶᠠᠷᠢᠨ᠎ᠠ᠃     ᠤᠯᠠᠨ ᠢᠶᠠᠷ ᠢᠶᠠᠨ ᠤᠶᠢᠯᠡᠰ ᠪᠦᠳᠤᠭᠡᠵᠤ ᠳᠠᠶᠠᠭᠠᠷ ᠢᠶᠠᠨ ᠰᠢᠨ᠎ᠠ ᠶᠢ ᠡᠬᠦᠳᠴᠤ ᠪᠠᠶᠢᠭ᠎ᠠ ᠦᠨᠤᠳᠤᠷ᠂ ᠸᠠᠨ ᠶᠦᠩ ᠪᠤᠯᠤᠨ ᠭᠤᠤ ᠰᠢᠶᠠ ᠬᠤᠶᠠᠭᠤᠯᠠ ᠳᠤᠰᠬᠠᠢ ᠮᠡᠷᠭᠡᠵᠢᠯ ᠢ ᠳᠡᠭᠡᠳᠤᠯᠡᠬᠦ ᠵᠤᠷᠢᠭ ᠰᠠᠨᠠᠭ᠎ᠠ᠂  ︽ᠤᠷᠠᠨ ᠳᠠᠷᠬᠠᠨ︾ ᠤ ᠵᠤᠷᠢᠭ ᠰᠠᠨᠠᠭ᠎ᠠ ᠶᠢ ᠪᠠᠳᠠᠷᠠᠭᠤᠯᠤᠨ᠂ ᠯᠠᠪᠳᠠᠭᠤᠨ ᠪᠠᠳᠤᠳᠠᠢ ᠪᠠᠷ ᠪᠠᠭ᠎ᠠ ᠠᠴᠠ ᠭᠠᠷᠳᠠᠨ ᠬᠢᠵᠤ᠂ ᠤᠯᠠᠨ ᠠᠴᠠ ᠭᠡᠳᠤᠶᠢᠳᠬᠦ ᠶᠢ ᠵᠤᠷᠢᠵᠤ ᠢᠷᠡᠭᠰᠡᠨ ᠪᠠᠶᠢᠨ᠎ᠠ᠃ ᠳᠤᠬᠠᠶᠢᠯᠠᠬᠰᠠᠨ ᠠᠵᠢᠯ ᠢᠶᠠᠨ ᠭᠠᠷᠮᠠᠭᠠᠢ ᠪᠡᠶᠡᠯᠡᠬᠦᠯᠤᠨ᠂  ᠶᠡᠭᠡ ᠪᠠᠭ᠎ᠠ ᠠᠵᠢᠯ ᠭᠡᠰᠡᠨ ᠦᠭᠡᠢ ᠬᠦᠯᠢᠶᠡᠵᠤ ᠠᠪᠤᠬᠰᠠᠨ ᠠᠵᠢᠯ ᠬᠢᠳᠠᠯ ᠢᠶᠠᠨ ᠨᠠᠷᠢᠯᠢᠭ ᠨᠢᠮᠪᠠᠢ ᠬᠢᠵᠤ ᠭᠡᠷᠡᠭᠯᠡᠭᠴᠢ ᠶᠢ ᠳᠡᠭᠡᠳᠤᠯᠡᠳᠡᠭ ᠳᠡᠳᠡ ᠬᠤᠶᠠᠭᠤᠯᠠ ᠶᠢᠨ ᠠᠷᠠᠯᠵᠢᠶ᠎ᠠ ᠮᠠᠶᠢᠮᠠᠢ  ᠨᠢ ᠤᠯᠠᠮ ᠠᠴᠠ ᠤᠯᠠᠮ ᠬᠦᠭᠵᠢᠨ ᠮᠠᠨᠳᠤᠬᠤ ᠶᠢᠨ ᠰᠠᠶᠢᠬᠠᠨ ᠢᠷᠤᠭᠡᠯ ᠢ ᠳᠠᠯᠪᠢᠵᠤ ᠮᠠᠨ ᠤ ᠰᠤᠷᠪᠤᠯᠵᠢᠯᠠᠭ᠎ᠠ ᠦᠨᠳᠦᠷᠯᠡᠭᠰᠡᠨ ᠪᠠᠶᠢᠨ᠎ᠠ᠃
ᠢᠷᠡᠯᠲᠡ᠄ ᠵᠡᠬᠦᠠᠭᠠᠷ ᠬᠤᠰᠢᠭᠤᠨ ᠤ ᠬᠠᠮ ᠵᠠᠭᠤᠴᠢᠯᠠᠭᠤᠷ ᠤᠨ ᠳᠦᠪ