ᠢᠷᠦᠭᠡᠯ ᠢ ᠬᠠᠮᠠᠭᠠᠯᠠᠬᠤ᠂  ᠤᠯᠠᠮᠵᠢᠯᠠᠬᠤ ᠲᠤᠬᠠᠢ ᠰᠠᠨᠠᠭ᠎ᠠ ᠰᠠᠳᠤᠯᠭᠡ
ᠨᠡᠶᠢᠲᠡᠯᠡᠭᠰᠡᠨ ᠴᠠᠭ᠄
2019/7/15
     ᠨᠢᠭᠡ᠂ ᠤᠷᠳᠤ ᠤᠳᠠᠭᠠᠨ ᠦᠶ᠎ᠡ  ᠪᠠᠷ ᠠᠷᠠᠳ ᠤᠨ ᠲᠤᠮᠳᠠ ᠤᠯᠠᠮᠵᠢᠯᠠᠬᠳᠠᠨ ᠲᠦᠭᠡᠭᠰᠡᠨ ᠰᠤᠩᠭᠤᠳᠠᠭ ᠢᠷᠤᠭᠡᠯ ᠢ ᠭᠡᠪᠯᠡᠭᠦᠯᠤᠨ ᠤᠯᠠᠮᠵᠢᠯᠠᠨ᠎ᠠ᠃ ᠡᠶᠢᠮᠤᠷᠭᠦᠤ ᠰᠤᠩᠭᠤᠳᠠᠭ ᠢᠷᠤᠭᠡᠯ ᠪᠤᠯ ᠠᠷᠠᠳ ᠤᠨ ᠴᠠᠭ ᠴᠠᠭ ᠤᠨ ᠠᠬᠤᠢ ᠠᠮᠢᠳᠤᠷᠠᠯ ᠲᠠᠢ ᠰᠢᠭᠤᠤᠨ ᠬᠤᠯᠪᠤᠭ᠎ᠠ ᠲᠠᠢ ᠪᠦᠭᠡᠳ ᠦᠶ᠎ᠡ ᠪᠦᠷᠢ ᠶᠢᠨ ᠬᠦᠮᠤᠰ ᠤᠨ ᠠᠮᠠᠨ ᠤᠩᠰᠢᠯᠭ᠎ᠠ ᠪᠤᠯᠤᠬᠰᠠᠨ ᠪᠠᠶᠢᠳᠠᠭ ᠢᠶᠠᠷ ᠢᠶᠠᠨ ᠮᠤᠩᠭᠤᠯᠴᠤᠤᠨ ᠤᠨ ᠨᠢᠳᠤᠨ ᠳᠤ ᠨᠢ ᠲᠤᠯᠠᠭᠠᠨ ᠴᠢᠬᠢᠨ ᠳᠤ ᠨᠢ ᠬᠠᠯᠠᠭᠤᠨ᠂ ᠡᠭᠦᠷᠢᠳᠡ ᠡᠭᠡᠯᠢᠳᠡᠢ ᠳᠠᠭᠠᠰᠢᠶᠠᠯ ᠲᠠᠢ ᠰᠠᠨᠠᠭᠳᠠᠳᠠᠭ ᠪᠢᠯᠡ᠃     ᠬᠤᠶᠠᠷ᠂ ᠨᠡᠶᠢᠲᠠ ᠶᠢᠨ ᠲᠤᠮᠳᠠ ᠨᠠᠶᠢᠳᠡᠮ ᠲᠡᠯᠭᠡᠷᠡᠭᠰᠡᠨ ᠠᠯᠢ ᠨᠢᠭᠡᠨ ᠰᠢᠯᠢᠳᠡᠭ ᠢᠷᠤᠭᠡᠭᠴᠢ ᠶᠢᠨ ᠠᠯᠢ ᠨᠢᠭᠡᠨ ᠠᠬᠤᠢ ᠲᠠᠯᠠᠪᠠᠢ ᠳᠤ ᠠᠯᠢ ᠨᠢᠭᠡᠨ ᠶᠤᠰᠤᠯᠠᠯ ᠳᠡᠭᠡᠷ᠎ᠡ ᠭᠡᠨ ᠨᠢᠭᠡᠨ ᠭᠦᠮᠤᠨ᠂ ᠠᠯᠢ ᠨᠢᠭᠡᠨ ᠶᠠᠭᠤᠮᠠᠨ ᠳᠤ ᠵᠤᠷᠢᠭᠤᠯᠤᠨ ᠵᠤᠭᠢᠶᠡᠨ ᠢᠷᠤᠭᠡᠭᠰᠡᠨ ᠢᠷᠤᠭᠡᠯ ᠢ ᠭᠡᠪᠯᠡᠭᠦᠯᠤᠨ ︵ᠬᠡᠪᠯᠡᠭᠦ ᠦᠭᠡᠢ ᠠᠮᠠ ᠪᠠᠷ ᠤᠯᠠᠮᠵᠢᠯᠠᠨ ᠳᠠᠭᠤᠳᠠᠭᠤᠯᠬᠤ ᠪᠠᠭᠳᠠᠨ᠎ᠠ︶ ᠤᠯᠠᠮᠵᠢᠯᠠᠨ᠎ᠠ᠃ ᠢᠷᠤᠭᠡᠭᠦᠢ ᠦᠢᠯᠡ ᠶᠢ ᠰᠤᠷᠬᠤ ᠳᠤ ᠴᠤ ᠶᠤᠰᠤ ᠵᠠᠩᠰᠢᠯ ᠪᠠᠶᠢᠳᠠᠭ᠃ ᠤᠳᠤ ᠦᠶ᠎ᠡ ᠳᠤ ᠡᠨᠡ ᠪᠦᠭᠦᠳᠡ ᠬᠤᠪᠢᠷᠠᠭᠠᠳ ᠢᠷᠤᠭᠡᠯ ᠤᠨ ᠡᠮᠭᠢᠳᠭᠡᠯ ᠠᠴᠠ ᠲᠡᠭᠦᠨ ᠠᠪᠴᠤ ᠴᠡᠭᠡᠵᠢᠯᠡᠭᠦ ᠶᠤᠮ ᠤᠤ ᠢᠷᠤᠭᠡᠭᠦᠢ ᠠᠬᠤᠢ ᠲᠠᠯᠠᠪᠠᠢ ᠶᠢᠨ ᠸᠢᠳᠢᠣ᠋ ᠶᠢ ᠲᠠᠭᠤᠷᠢᠶᠠᠨ ᠰᠤᠷᠤᠬᠴᠢ ᠨᠢ ᠤᠯᠠᠨ ᠪᠤᠯᠪᠠ᠃ ᠡᠨᠡ ᠴᠤ ᠪᠠᠰᠠ ᠨᠠᠶᠢᠭᠡᠮ ᠤᠨ ᠨᠦᠭᠦᠴᠠᠯ ᠪᠤᠯᠤᠮᠵᠢ ᠶᠢᠨ ᠰᠠᠶᠢᠨ ᠢ ᠳᠠᠭᠠᠵᠤ ᠬᠤᠪᠢᠷᠠᠬᠰᠠᠨ ᠨᠠᠶᠢᠳᠠᠮ ᠤᠨ ᠦᠵᠡᠭᠳᠡᠯ ᠶᠤᠮ᠃ ᠭᠡᠪᠡᠴᠤ ᠢᠷᠤᠭᠡᠭᠴᠢ ᠳᠤ ᠨᠢᠭᠡ ᠨᠢ ᠤᠳᠤᠮ ᠵᠠᠯᠭᠠᠬᠰᠠᠨ ᠢᠷᠤᠭᠡᠭᠴᠢ᠂ ᠨᠦᠭᠦᠭᠡ ᠨᠢ ᠦᠰᠦᠭ ᠪᠢᠴᠢᠭ ᠤᠨ ᠡᠮᠭᠢᠳᠭᠡᠯ᠂ ᠸᠢᠳᠢᠣ᠋ ᠠᠴᠠ ᠪᠤᠶᠤ ᠭᠡᠨ ᠨᠢᠭᠡᠨ ᠭᠦᠮᠤᠨ ᠠᠴᠠ ᠰᠤᠨᠤᠰᠤᠨ ᠴᠡᠭᠡᠵᠢᠯᠡᠭᠰᠡᠨ ᠲᠠᠭᠤᠷᠢᠶᠠᠨ ᠢᠷᠤᠭᠡᠭᠴᠢ ᠭᠡᠮᠡᠨ ᠪᠠᠶᠢᠳᠠᠭ᠃ ᠠᠳᠡ ᠦᠭᠦᠯᠡᠨ ᠪᠤᠢ ᠬᠤᠶᠠᠳᠤᠭᠠᠷ ᠵᠤᠶᠢᠯ ᠤᠨ ᠢᠷᠤᠭᠡᠭᠴᠢ ᠶᠢ ᠨᠢᠭᠡᠳᠤᠭᠡᠷ ᠵᠤᠶᠢᠯ ᠤᠨ ᠢᠷᠤᠭᠡᠭᠴᠢ ᠲᠠᠢ ᠠᠳᠠᠯᠢᠳᠬᠠᠬᠤ ᠶᠢᠨ ᠠᠷᠭ᠎ᠠ ᠦᠭᠡᠢ ᠶᠤᠮ᠃ ᠬᠤᠶᠠᠳᠤᠭᠠᠷ ᠵᠤᠶᠢᠯ ᠤᠨ ᠢᠷᠤᠭᠡᠭᠴᠢ ᠶᠢᠨ ᠠᠬᠤᠢ ᠲᠠᠯᠠᠪᠠᠢ ᠳᠠᠬᠢ ᠲᠠᠶᠢᠰᠠᠨ ᠤ ᠤᠷ᠎ᠠ ᠠᠪᠢᠶᠠᠰ ᠦᠵᠡᠳᠡᠯ᠎ᠡ ᠰᠠᠶᠢᠨ ᠪᠠᠶᠢᠪᠠᠴᠤ ᠢᠷᠤᠭᠡᠯ ᠢᠷᠤᠭᠡᠭᠦᠢ ᠶᠢᠨ ᠰᠤᠶᠤᠯ ᠤᠨ ᠨᠦᠭᠡᠴᠡ᠂ ᠢᠷᠤᠭᠡᠭᠦᠢ ᠲᠤᠷᠰᠢᠯᠭ᠎ᠠ ᠡᠪ ᠡᠷᠳᠡᠮ᠂ ᠢᠷᠤᠭᠡᠯ ᠤᠨ ᠲᠧᠺᠠᠰᠲ ᠲᠤ ᠯᠠ ᠪᠠᠶᠢᠳᠠᠭ ᠢᠷᠤᠭᠡᠭᠦᠢ ᠶᠢᠨ ᠦᠪᠡᠷᠮᠢᠴᠠ ᠬᠡᠯᠡ ᠦᠭᠦᠯᠡᠮᠵᠢ ᠶᠢᠨ ᠤᠬᠠᠭᠠᠷᠠᠯ᠂ ᠬᠡᠯᠡ ᠦᠭᠦᠯᠡᠮᠵᠢ ᠶᠢᠨ ᠦᠩᠭᠡ ᠤᠳᠬ᠎ᠠ ᠢᠯᠡᠷᠬᠡᠶᠢᠯᠡᠯ᠂ ᠬᠤᠯᠪᠤᠬᠳᠠᠯ ᠪᠦᠭᠦᠢ ᠵᠠᠩ ᠦᠢᠯᠡ ᠶᠢᠨ ᠵᠤᠭᠢᠰ ᠲᠠᠢ ᠭᠦᠢᠴᠡᠳᠭᠡᠯ ᠲᠤᠳᠠᠬᠳᠠᠵᠤ ᠪᠠᠶᠢᠨ᠎ᠠ᠃ ᠮᠢᠨᠤ ᠠᠵᠢᠬᠯᠠᠬᠰᠠᠨ ᠢᠶᠠᠷ ᠦᠨᠤ ᠪᠢᠳᠡᠡ ᠤ ᠦᠶ᠎ᠡ ᠳᠤ ᠠᠮᠠᠨ ᠤᠯᠠᠮᠵᠢᠯᠠᠯᠭ᠎ᠠ ᠪᠠᠷ  ᠢᠷᠤᠭᠡᠯ ᠤᠯᠠᠮᠵᠢᠯᠠᠬᠴᠢ ᠴᠦᠭᠡᠷᠡᠭᠰᠡᠨ ᠢ ᠪᠤᠤ ᠳᠤᠷᠠᠰ᠂ ᠠᠮᠠᠨ ᠤᠯᠠᠮᠵᠢᠯᠠᠭ᠎ᠠ ᠪᠠᠷ ᠢᠷᠣᠭᠡᠯ ᠰᠤᠷᠬᠤ ᠠᠪᠢᠶᠠᠰ ᠲᠠᠢ ᠭᠦᠮᠤᠨ ᠴᠤ ᠤᠯᠠᠮ ᠴᠦᠭᠡᠨ ᠪᠤᠯᠤᠭᠠᠳ ᠰᠢᠭᠤᠤᠨ ᠯᠠ ᠪᠢᠴᠢᠭ ᠤᠨ ᠲᠧᠺᠠᠰᠲ᠂ ᠸᠢᠳᠢᠣ᠋ ᠲᠧᠺᠠᠰᠲ ᠴᠡᠭᠡᠵᠢᠯᠡᠭᠡᠳ ᠳᠠᠭᠤᠷᠢᠶᠠᠨ ᠳᠠᠭᠤᠳᠠᠳᠠᠭ ᠨᠢ ᠠᠷᠪᠢᠨ ᠪᠤᠢ᠃ ᠲᠡᠶᠢᠨ ᠬᠦ ᠦᠭᠦᠮᠡᠯ ᠢᠶᠠᠷ ᠴᠡᠭᠡᠵᠢᠯᠡᠨ ᠳᠠᠭᠤᠷᠢᠶᠠᠨ ᠦᠢᠯᠡᠳᠳᠡᠭ ᠢᠷᠤᠭᠡᠭᠴᠢᠳ ᠮᠠᠨᠢ ᠢᠷᠤᠭᠡᠭᠦᠢ ᠶᠢᠨ ᠠᠬᠤᠢ ᠤᠷᠴᠢᠨ ᠳᠤ ᠴᠡᠭᠡᠵᠢᠯᠡᠭᠰᠡᠨ ᠢᠷᠤᠭᠡᠯ ᠤᠨ ᠢᠶᠠᠨ ᠤᠳᠬ᠎ᠠ ᠪᠡᠯᠭᠡᠳᠠᠯ ᠤᠨ ᠰᠡᠳᠭᠢᠯᠭᠡᠨ ᠢ ᠭᠦᠢᠴᠡᠳ ᠤᠬᠠᠭᠠᠷᠠᠭ᠎ᠠ ᠦᠭᠡᠢ ᠶᠢᠨ ᠤᠯᠠᠮ ᠠᠴᠠ ᠵᠠᠷᠢᠮ ᠠᠭᠤᠯᠭ᠎ᠠ ᠶᠢ ᠮᠠᠷᠳᠠᠬᠤ᠂ ᠢᠷᠦᠭᠡᠭᠦᠢ ᠲᠤᠮᠳᠠ ᠪᠠᠨ ᠲᠤᠷᠴᠤ ᠲᠡᠭᠡᠭᠯᠡᠭᠦ᠂ ᠵᠠᠷᠢᠮ ᠵᠠᠩ ᠦᠢᠯᠡ ︵ᠵᠢᠱᠢᠶᠡᠯᠡᠪᠡᠯ᠂ ᠰᠠᠴᠤᠯᠢ ᠪᠠᠨ ᠠᠯᠢ ᠵᠦᠭ ᠲᠤ ᠰᠠᠴᠤᠬᠤ᠂ ᠬᠠᠮᠢᠭ᠎ᠠ ᠠᠴᠠ ᠬᠠᠮᠢᠭᠠᠰᠢ ᠪᠠᠨ ᠵᠦᠭ ᠲᠤᠭᠤᠷᠢᠭᠤᠯᠤᠨ ᠬᠤᠷᠤᠶᠢᠯᠠᠬᠤ ᠮᠡᠳᠤ︶ ᠶᠢᠨ ᠨᠠᠷᠢᠨ ᠮᠡᠷᠭᠡᠵᠢᠯ ᠤᠨ ᠵᠦᠢᠯᠡᠰ ᠢ ᠦᠢᠯᠡᠳᠭᠦ ᠦᠶ᠎ᠡ ᠳᠡᠭᠡᠨ ᠠᠳᠡᠭᠦᠷᠡᠯ ᠭᠠᠷᠭᠠᠭᠠᠳ ᠪᠠᠶᠢᠳᠠᠭ᠃ ᠮᠢᠨᠤ ᠪᠤᠳᠤᠬᠤ ᠪᠠᠷ ᠢᠷᠤᠭᠡᠭᠦᠢ ᠳᠤ ᠰᠤᠷᠤᠯᠴᠠᠬᠤ ᠳᠤ ᠵᠦᠪᠭᠡᠨ ᠪᠡᠶᠡᠴᠢ ᠨᠦᠭᠦᠴᠡᠯ ᠳᠤ ᠲᠦᠰᠢᠭᠡᠳ ᠪᠤᠯᠬᠤ ᠦᠭᠡᠢ᠂ ᠢᠷᠤᠭᠡᠯ ᠰᠤᠨᠤᠰᠤᠬᠴᠢᠳ ᠢᠶᠠᠨ ᠪᠠᠭᠳᠠᠭᠠᠬᠰᠠᠨ ᠪᠤᠰᠤᠳᠴᠢ ᠨᠦᠭᠦᠴᠠᠯ ᠪᠤᠯᠤᠮᠵᠢ ᠨᠤᠭᠤᠳ ᠢ ᠳᠠᠭᠤᠳᠠᠵᠤ ᠪᠤᠢ ᠢᠷᠣᠭᠡᠯ ᠤᠨ ᠪᠡᠯᠭᠡᠳᠡᠯ ᠰᠡᠳᠭᠢᠯᠭᠡᠨ ᠳᠡᠭᠡᠨ ᠵᠦᠪ ᠵᠦᠢ ᠲᠠᠢ ᠢᠵᠢᠯᠢᠰᠢᠭᠦᠯᠵᠤ ᠴᠢᠳᠠᠬᠤ ᠡᠷᠳᠡᠮ ᠠᠪᠢᠶᠠᠰ ᠲᠠᠢ ᠪᠠᠶᠢᠬᠤ ᠭᠡᠷᠡᠭᠳᠡᠢ ᠶᠤᠮ᠃ ᠡᠨᠡᠭᠦ ᠤᠷ᠎ᠠ ᠠᠪᠢᠶᠠᠰ ᠢ ᠦᠪᠯᠡᠨ ᠰᠤᠷᠭᠠᠬᠤ ᠳᠤ ᠤᠳᠤᠮ ᠵᠠᠯᠭᠠᠭᠰᠬᠠᠨ ᠢᠷᠦᠭᠡᠯ ᠤᠯᠠᠮᠵᠢᠯᠠᠬᠴᠢ ᠶᠢᠨ ᠰᠤᠷᠭᠠᠪᠤᠷᠢ ᠨᠡᠩ ᠴᠤ ᠴᠢᠬᠤᠯᠠ ᠪᠤᠯᠤᠨ᠎ᠠ᠃ ᠡᠶᠢᠨ ᠬᠦ ᠦᠨᠤᠳᠤᠷ ᠪᠢᠳᠠᠨ ᠳᠤ ᠢᠷᠤᠭᠡᠯ ᠢ ᠰᠢᠨᠵᠢᠯᠡᠬᠦ ᠤᠬᠠᠭᠠᠨᠴᠢ ᠪᠠᠷ ᠬᠠᠮᠠᠭᠠᠯᠠᠬᠤ᠂ ᠢᠷᠤᠭᠡᠯ ᠤᠯᠠᠮᠵᠢᠯᠠᠬᠴᠢ ᠰᠢᠯᠢᠳᠡᠭ ᠠᠪᠢᠶᠠᠰᠲᠠᠨ ᠭᠦᠮᠤᠨ ᠢᠶᠠᠨ ᠵᠦᠪ ᠰᠤᠩᠭᠤᠨ ᠬᠠᠮᠠᠭᠠᠯᠠᠬᠤ ᠠᠰᠠᠭᠤᠳᠠᠯ ᠴᠤ ᠵᠡᠷᠭᠡ ᠪᠠᠷ ᠱᠠᠭᠠᠷᠳᠠᠬᠳᠠᠵᠤ ᠪᠠᠶᠢᠨ᠎ᠠ᠃ ᠢᠷᠤᠭᠡᠯ ᠢ ᠬᠠᠮᠠᠭᠠᠯᠠᠬᠤ᠂ ᠤᠯᠠᠮᠵᠢᠯᠠᠬᠤ ᠳᠤ ᠵᠦᠪᠭᠡᠨ ᠢᠷᠤᠭᠡᠭᠴᠢ ᠪᠠ ᠰᠤᠷᠤᠬᠴᠢ ᠬᠤᠶᠠᠷ ᠪᠡᠶᠡᠰ ᠤᠨ ᠰᠠᠶᠢᠨ ᠳᠤᠷ᠎ᠠ᠂ ᠠᠵᠢᠯ ᠤᠨ ᠴᠢᠯᠤᠭᠡ᠂ ᠠᠶᠢᠯ ᠭᠡᠷ ᠤᠨ ᠰᠤᠷᠭᠠᠪᠤᠷᠢ᠂ ᠵᠠᠷᠢᠮ ᠶᠤᠰᠤᠯᠠᠯ ᠦᠢᠯᠡ ᠶᠢᠨ ᠠᠬᠤᠢ ᠪᠠᠶᠢᠳᠠᠯ ᠳᠤ ᠯᠠ ᠲᠦᠰᠢᠭᠡᠳ ᠪᠤᠯᠬᠤ ᠦᠭᠡᠢ᠂ ᠡᠯ᠎ᠡ ᠲᠠᠮᠵᠢᠶ᠎ᠡ ᠶᠢᠨ ᠰᠤᠷᠭᠠᠭᠤᠯᠢ ᠨᠤᠭᠤᠳ ᠤᠨ ᠰᠤᠷᠭᠠᠯᠳᠠ ᠪᠤᠶᠤ ᠨᠠᠶᠢᠭᠡᠮ ᠤᠨ ᠲᠠᠯ᠎ᠠ ᠶᠢᠨ ᠪᠤᠯᠪᠠᠰᠤᠷᠠᠯ ᠤᠨ ᠠᠩᠭᠢ ᠶᠢ ᠦᠷᠭᠦᠯᠵᠢ ᠵᠤᠭᠢᠶᠠᠨ ᠪᠠᠶᠢᠭᠤᠯᠵᠤ ᠵᠤᠭᠢᠴᠠᠭᠤᠯᠤᠨ ᠬᠢᠭᠦ ᠴᠢᠬᠤᠯᠠ ᠲᠠᠢ ᠪᠠᠶᠢᠨ᠎ᠠ᠃ ᠤᠷᠤᠯᠳᠤᠭᠠᠨ ᠮᠦᠷᠤᠶᠢᠴᠡᠭᠡᠨ ᠢ ᠵᠠᠯᠭᠠᠭ᠎ᠠ ᠵᠤᠭᠢᠶᠠᠨ ᠪᠠᠶᠢᠭᠤᠯᠵᠤ ᠠᠳᠠᠯᠢ ᠪᠤᠰᠤ ᠨᠠᠰᠤᠨ ᠤ ᠠᠪᠢᠶᠠᠰᠳᠠᠨ ᠢ ᠰᠤᠷᠢᠵᠤ  ᠰᠤᠷᠭᠠᠬᠤ ᠭᠡᠷᠡᠭᠳᠡᠢ ᠪᠠᠶᠢᠨ᠎ᠠ᠃     ᠭᠤᠷᠪᠠ᠂ ᠠᠷᠠᠳ ᠤᠨ ᠲᠤᠮᠳᠠ ᠠᠴᠠ ᠢᠷᠤᠭᠡᠯ ᠢ ᠰᠤᠷᠪᠤᠯᠵᠢᠯᠠᠠ ᠴᠤᠬᠯᠠᠭᠤᠯᠬᠤ᠂ ᠢᠷᠤᠭᠡᠯ ᠤᠨ ᠤᠷᠤᠯᠳᠤᠭᠠᠨ ᠤ ᠠᠬᠤᠢ ᠤᠷᠴᠢᠨ ᠳᠤ ᠰᠢᠨ᠎ᠡ ᠮᠡᠷᠭᠡᠵᠢᠯ ᠢᠶᠠᠷ  ᠰᠡᠭᠦᠳᠡᠷᠯᠡᠭᠦ᠂ ᠸᠢᠳᠢᠣ᠋  ᠦᠢᠯᠡᠳᠤᠨ ᠬᠠᠳᠠᠭᠠᠯᠠᠬᠤ᠂ ᠦᠰᠦᠭ ᠪᠢᠴᠢᠭ ᠢᠶᠠᠷ ᠨᠤᠲ ᠲᠠᠢ ᠨᠢ ᠲᠡᠮᠳᠡᠭᠯᠡᠨ᠂ᠲᠦᠷᠤᠯ ᠵᠦᠢᠯ ᠬᠤᠪᠢᠶᠠᠨ ᠡᠮᠬᠢᠳᠭᠡᠵᠤ ᠭᠡᠪᠯᠡᠭᠦᠯᠤᠨ ᠤᠯᠠᠮᠵᠢᠯᠠᠨ᠎ᠠ᠃ ᠢᠷᠤᠭᠡᠯ ᠤᠨ ᠲᠧᠺᠠᠰᠲ ᠤᠨ ᠲᠠᠩᠰᠠ ᠪᠠᠶᠢᠭᠤᠯᠤᠨ ᠬᠠᠳᠠᠭᠠᠯᠠᠬᠤ ᠶᠤᠮ ᠤᠤ ᠳ᠋ᠢᠭᠢᠲᠴᠢᠯᠡᠭᠦ ᠠᠵᠢᠯ ᠢ ᠰᠢᠮᠳᠠᠨ ᠬᠢᠭᠦ ᠶᠢᠨ ᠬᠠᠮᠳᠤ ᠨᠠᠶᠢᠭᠡᠮ ᠤᠨ ᠭᠦᠮᠤᠰ ᠲᠤ  ᠨᠠᠶᠢᠳᠡᠪᠤᠷᠢ ᠲᠠᠢ ᠤᠶᠢᠯᠠᠭᠠᠭᠤᠯᠬᠤ ᠶᠢᠨ ᠲᠦᠯᠤᠭᠡ ᠢᠷᠤᠭᠡᠯ ᠤᠨ ᠡᠭᠦᠰᠤᠯ ᠪᠦᠷᠢᠯᠳᠤᠯ᠂ ᠭᠦᠭᠵᠢᠯ ᠬᠤᠪᠢᠷᠠᠯ ᠤᠨ ᠶᠠᠪᠤᠴᠠ ᠶᠢ ᠨᠠᠷᠢᠨ ᠲᠠᠨᠢᠯᠴᠠᠭᠤᠯᠵᠤ ᠤᠳᠠᠭᠠᠨ ᠴᠠᠭ ᠢᠶᠠᠷ ᠠᠮᠤᠷ ᠲᠦᠪᠰᠢᠨ ᠬᠠᠳᠠᠭᠠᠯᠠᠨ ᠦᠯᠡᠳᠡᠭᠡᠭᠦ ᠨᠢ ᠢᠷᠦᠭᠡᠯ ᠡᠷᠢᠵᠤ ᠰᠤᠷᠠᠬᠤ᠂ ᠰᠤᠷᠴᠤ ᠰᠤᠳᠤᠯᠬᠤ ᠨᠠᠶᠢᠳᠡ ᠶᠢᠨ ᠠᠰᠢᠭᠯᠠᠭᠠᠨ ᠳᠤ ᠨᠠᠶᠢᠳᠡᠪᠤᠷᠢ ᠲᠠᠢ ᠲᠤᠰᠠ ᠪᠤᠯᠬᠤ ᠶᠤᠮ᠃    ᠲᠦᠷᠪᠡ᠂ ᠭᠡᠪᠯᠡᠨ ᠲᠠᠷᠬᠠᠭᠠᠬᠰᠠᠨ ᠰᠤᠩᠭᠤᠳᠠᠭ ᠢᠷᠤᠭᠡᠯ ᠤᠳ ᠨᠢ ᠮᠤᠩᠭᠤᠯ ᠦᠨᠳᠦᠰᠤᠲᠡᠨ ᠤ ᠢᠷᠤᠭᠡᠯ ᠤᠨ ᠰᠤᠶᠤᠯ ᠲᠠᠢ ᠲᠠᠨᠢᠯᠴᠠᠬᠤ ᠶᠢ ᠭᠦᠰᠡᠭᠴᠢᠳ  ᠲᠤ ᠬᠤᠪᠤᠷᠬᠠᠨ ᠤᠯᠳᠠᠬᠤ ᠭᠠᠵᠠᠷ ᠤᠨ ᠠᠪᠤᠯᠭ᠎ᠠ ᠭᠡᠷᠡᠭᠯᠡᠭᠳᠡᠭᠦᠨ ᠪᠤᠯᠬᠤ ᠪᠦᠭᠡᠳ ᠭᠡᠤᠭᠡᠳ ᠪᠠᠭᠠᠴᠤᠳ ᠲᠤ ᠭᠡᠷ ᠤᠨ ᠰᠤᠷᠭᠠᠪᠤᠷᠢ ᠪᠣᠯᠭᠠᠨ ᠠᠰᠢᠭᠯᠠᠭᠤᠯᠵᠤ ᠴᠤ ᠪᠤᠯᠤᠨ᠎ᠠ᠃  ᠦᠩᠭᠡᠷᠡᠭᠰᠡᠨ ᠳᠤ ᠮᠤᠩᠭᠤᠯ ᠠᠮᠢᠳᠤᠷᠠᠯ ᠤᠨ ᠠᠭᠤᠯᠭ᠎ᠠ ᠪᠦᠷᠢ ᠳᠤ ᠵᠤᠷᠢᠭᠤᠯᠤᠬᠰᠠᠨ ᠢᠷᠤᠭᠡᠯ ᠲᠠᠢ᠂ ᠪᠠᠷᠤᠭ ᠮᠤᠩᠭᠤᠯ ᠭᠦᠮᠤᠨ ᠪᠤᠯᠭᠠᠨ ᠨᠢᠭᠡ ᠬᠤᠶᠠᠷ ᠢᠷᠤᠭᠡᠯ ᠪᠡᠯᠡᠭᠡᠨ ᠳᠠᠭᠤᠳᠠᠵᠤ ᠴᠢᠳᠠᠳᠠᠭ ᠪᠠᠶᠢᠵᠠᠢ᠃ ᠤᠳᠤ ᠴᠠᠭ ᠦᠶ᠎ᠡ ᠪᠤᠯᠬᠤᠶ᠎ᠡ ᠡᠶᠢᠮᠤ ᠭᠦᠮᠤᠨ ᠬᠤᠪᠤᠷᠳᠠᠵᠤ ᠪᠠᠶᠢᠭ᠎ᠠ ᠶᠢ ᠭᠡᠯᠡᠭᠦᠨ ᠦᠭᠡᠢ᠂ ᠢᠷᠤᠭᠡᠭᠴᠢ ᠭᠦᠮᠤᠨ ᠤ ᠢᠷᠦᠭᠡᠭᠰᠡᠨ ᠰᠤᠨᠤᠰᠤᠭᠠᠳ ᠤᠳᠬ᠎ᠠ ᠪᠡᠯᠭᠡᠳᠡᠯ ᠢ ᠨᠢ ᠭᠦᠤᠷᠡᠳᠡᠭ ᠭᠦᠮᠤᠨ ᠴᠤ ᠤᠯᠠᠮ ᠬᠤᠪᠤᠷᠳᠠᠵᠤ ᠪᠠᠶᠢᠨ᠎ᠠ᠃     ᠲᠠᠪᠤ᠂ ᠡᠷᠳᠡᠮ ᠰᠢᠨᠵᠢᠯᠡᠭᠡᠨ ᠤ ᠬᠢᠨ ᠲᠠᠢ ᠬᠠᠮᠰᠠᠨ ᠠᠵᠢᠯᠯᠠᠵᠤ᠂ ᠰᠢᠯᠢᠳᠡᠭ ᠢᠷᠤᠭᠡᠯ ᠤᠨ ᠲᠧᠺᠠᠰᠲ ᠢ ᠰᠤᠳᠤᠯᠤᠨ ᠶᠠᠷᠢᠯᠴᠠᠭᠤᠯᠵᠤ᠂ ᠨᠠᠶᠢᠭᠡᠮ ᠲᠡᠤᠭᠡ ᠶᠢᠨ ᠂ ᠵᠠᠩ ᠵᠠᠩᠰᠢᠯ ᠤᠨ᠂ ᠤᠳᠬ᠎ᠠ ᠵᠤᠭᠢᠶᠠᠯ ᠤᠨ᠂ ᠭᠤᠸ᠎ᠠ ᠰᠠᠶᠢᠬᠠᠨ ᠤ᠂ ᠭᠦᠨ ᠤᠬᠠᠭᠠᠨ ᠤ ᠭᠦᠴᠤᠰ ᠢ ᠨᠡᠭᠡᠭᠡᠨ ᠳᠠᠶᠠᠭᠠᠷᠴᠢᠯᠠᠬᠤ ᠪᠤᠯ ᠢᠷᠤᠭᠡᠯ ᠤᠨ ᠦᠪ ᠰᠤᠶᠤᠯ ᠢ ᠰᠢᠨᠵᠢᠯᠡᠭᠦ ᠤᠬᠠᠭᠠᠨᠴᠢ ᠪᠠᠷ ᠤᠯᠠᠮ ᠢᠯᠡᠭᠦᠦ ᠦᠷ᠎ᠡ ᠪᠦᠳᠤᠮᠵᠢ ᠲᠠᠢ ᠬᠠᠮᠠᠭᠠᠯᠠᠵᠤ᠂ ᠤᠯᠠᠮᠵᠢᠯᠠᠵᠤ᠂ ᠤᠬᠠᠭᠤᠯᠵᠤ᠂ ᠭᠦᠭᠵᠢᠭᠦᠯᠭᠦ ᠶᠢᠨ ᠨᠠᠶᠢᠳᠠᠪᠤᠷᠢ  ᠲᠠᠢ ᠨᠢᠭᠡᠨ ᠠᠷᠭ᠎ᠠ ᠠᠵᠢᠯᠯᠠᠪᠤᠷᠢ ᠪᠤᠯᠬᠤ ᠶᠤᠮ᠃
ᠢᠷᠡᠯᠲᠡ᠄ << ᠮᠤᠩᠭᠤᠯᠴᠤᠳ ᠤᠨ ᠢᠷᠤᠭᠡᠯ >> ᠠᠴᠠ ᠪᠠᠭᠤᠯᠭᠠᠪᠠ