1 . ᠴᠢᠰᠤᠨ ᠳᠠᠷᠤᠯᠲᠠ ᠶᠢ ᠪᠠᠭᠤᠷᠠᠭᠤᠯᠵᠤ᠂ ᠵᠢᠷᠦᠬᠡ | ᠲᠠᠷᠢᠬᠢ ᠶᠢ ᠬᠠᠮᠠᠭᠠᠯᠠᠳᠠᠭ᠃ ᠶᠠᠫᠣᠨ ᠤ ᠰᠤᠳᠤᠯᠭᠠᠳᠡᠳ ᠣᠯᠵᠤ | ᠮᠡᠳᠡᠭᠰᠡᠨ ᠨᠢ᠂ ᠲᠣᠷᠰᠢᠯᠳᠠ ᠳᠤ ᠣᠷᠣᠯᠴᠠᠭᠰᠠᠳ | ᠢᠨᠢᠶᠡᠳᠤᠮ ᠲᠠᠢ ᠲᠦᠷᠣᠯ ᠤᠨ ᠶᠡᠷᠦᠩᠬᠡᠢᠯᠡᠭᠰᠡᠨ | ᠤᠷᠠᠯᠢᠭ ᠤᠨ ᠲᠤᠭᠯᠠᠯᠲᠠ ᠦᠵᠡᠬᠦ ᠦᠶ᠎ᠡ ᠳᠤ᠂ ᠪᠡᠶ᠎ᠡ ᠶᠢᠨ | ᠳᠣᠲᠣᠭᠠᠳᠤ ᠡᠷᠬᠡᠲᠡᠨ ᠤ ᠴᠢᠰᠤᠨ ᠤ ᠤᠷᠤᠰᠴᠠ ᠲᠦᠷᠭᠡᠰᠴᠤ᠂ | ᠴᠢᠰᠤᠨ ᠤ ᠡᠷᠭᠢᠯᠲᠡ ᠰᠠᠢᠵᠢᠷᠠᠨ᠎ᠠ᠃ ᠡᠭᠦᠨ ᠠᠴᠠ ᠭᠠᠳᠠᠨ᠎ᠠ᠂ | ᠬᠥᠮᠦᠰ ᠢ ᠡᠯᠢᠭᠡ ᠬᠦᠰᠢᠳᠡᠯ᠎ᠠ ᠢᠨᠢᠶᠡᠯᠭᠡᠬᠦ ᠱᠤᠭ | ᠵᠦᠴᠦᠭᠡ ᠶᠢᠨ ᠺᠢᠨᠣ᠋ ᠨᠢ 24 ᠴᠠᠭ ᠤᠨ ᠳᠣᠲᠣᠷ᠎ᠠ ᠦᠵᠡᠭᠴᠢᠳ ᠲᠤ | ᠴᠢᠰᠤᠨ ᠰᠤᠳᠠᠯ ᠢ ᠲᠡᠯᠡᠬᠦᠯᠬᠦ᠂ ᠲᠠᠷᠢᠬᠢᠨ ᠤ ᠴᠢᠰᠤᠨ ᠤ | ᠬᠠᠩᠭᠠᠯᠳᠠ ᠶᠢ ᠰᠠᠢᠵᠢᠷᠠᠭᠤᠯᠬᠤ᠂ ᠴᠢᠰᠤᠨ ᠳᠠᠷᠤᠯᠲᠠ ᠶᠢ | ᠪᠠᠭᠤᠷᠠᠭᠤᠯᠬᠤ ᠦᠢᠯᠡᠳᠦᠯ ᠦᠵᠡᠭᠦᠯᠳᠡᠭ ᠪᠣᠯᠬᠤᠷ ︽ᠲᠦᠷᠦᠯᠬᠢ | ᠴᠢᠰᠤᠨ ᠳᠠᠷᠤᠯᠲᠠ ᠶᠢ ᠪᠠᠭᠤᠷᠠᠭᠤᠯᠬᠤ ᠡᠮ︾ ᠭᠡᠵᠦ ᠬᠡᠯᠡᠵᠦ | ᠪᠣᠯᠤᠨ᠎ᠠ᠃ ᠲᠡᠷᠢᠭᠦᠨ ᠰᠤᠳᠤᠯᠤᠭᠴᠢ ᠵᠢᠶᠠᠨ ᠶᠤᠸᠠᠨ ᠴᠦᠨ᠄ | ︽ᠢᠨᠢᠶᠡᠬᠦ ᠵᠠᠰᠠᠯ ᠨᠢ ᠡᠮ ᠪᠤᠶᠤ ᠮᠡᠰᠡ ᠵᠠᠰᠠᠯ ᠢᠶᠠᠷ | ᠵᠢᠷᠦᠬᠡᠨ ᠡᠪᠡᠳᠴᠢᠨ ᠢ ᠡᠮᠨᠡᠬᠦ ᠶᠢ ᠤᠷᠣᠯᠠᠵᠣ ᠲᠡᠢᠯᠬᠦ ᠦᠭᠡᠢ | ᠪᠠᠢᠵᠤ ᠮᠡᠳᠡᠨ᠎ᠡ᠂ ᠭᠡᠪᠡᠴᠦ ᠲᠡᠷᠡ ᠨᠢ ᠦᠨᠡᠬᠡᠷ ᠲᠤᠢᠯ ᠤᠨ | ᠢᠳᠡᠪᠬᠢᠲᠡᠶ ᠲᠤᠰᠠᠯᠠᠮᠵᠢ ᠦᠵᠡᠭᠦᠯᠬᠦ ᠦᠢᠯᠡᠳᠦᠯ ᠲᠠᠢ ᠶᠤᠮ᠃︾ | ᠭᠡᠵᠡᠢ᠃ | 2 . ᠲᠠᠷᠣᠭᠠᠰᠣ ᠶᠢ ᠠᠷᠢᠯᠭᠠᠨ᠂ ᠭᠠᠩᠰᠠᠷᠠᠬᠤ ᠶᠢ ᠡᠮᠨᠡᠨ | ᠵᠠᠰᠠᠳᠠᠭ᠃ ᠢᠨᠢᠶᠡᠬᠦ ᠨᠢ ᠮᠠᠬᠠᠪᠣᠳ ᠤᠨ ᠡᠷᠡᠭᠦᠯ ᠮᠡᠨᠳᠦ ᠳᠤ | ᠦᠢᠯᠡᠳᠦᠯ ᠦᠵᠡᠭᠦᠯᠬᠦ ᠶᠢᠨ ᠬᠠᠮᠲᠤ ᠪᠠᠰᠠ ᠰᠡᠳᠬᠢᠴᠡ ᠶᠢᠨ | ᠲᠤᠰᠬᠠᠯ ᠢ ᠡᠭᠦᠰᠭᠡᠳᠡᠭ᠂ ᠡᠨᠡ ᠨᠢ ᠳᠠᠷᠤᠶ ᠬᠥᠮᠦᠰ | ᠴᠢᠨᠡᠭᠡ ᠪᠠᠷ ᠢᠶᠠᠨ ᠪᠠᠶᠠᠰᠣᠨ ᠢᠨᠢᠶᠡᠭᠰᠡᠨ ᠤ ᠳᠠᠷᠠᠭ᠎ᠠ | ᠰᠡᠳᠬᠢᠯ ᠠᠭᠤᠵᠢᠷᠠᠨ ᠲᠠᠭᠠᠯᠠᠮᠵᠢᠲᠠᠶ ᠰᠠᠨᠠᠭᠳᠠᠳᠠᠭ ᠤᠨ | ᠤᠴᠢᠷ ᠶᠤᠮ᠃ ᠰᠢᠨᠵᠢᠯᠡᠬᠦ ᠤᠬᠠᠭᠠᠨᠲᠠᠳ ᠨᠢᠭᠡ ᠵᠦᠢᠯ ᠤᠨ ᠰᠢᠨ᠎ᠡ | ᠰᠤᠳᠤᠯᠭ᠎ᠠ ᠠᠴᠠ᠂ ᠬᠦᠮᠣᠰ ᠨᠢᠭᠡ ᠤᠳᠠᠭ᠎ᠠ ᠠᠭᠤᠵᠢᠷᠠᠲᠠᠯ᠎ᠠ | ᠢᠨᠢᠶᠡᠪᠡᠯ ᠬᠥᠮᠦᠨ ᠤ ᠪᠡᠶ᠎ᠡ ᠳᠣᠲᠣᠷᠠᠬᠢ ᠬᠦᠷᠦᠰᠦᠮᠡᠭ ᠤᠨ | ᠠᠯᠺᠣᠣᠯ᠂ ᠪᠥᠭᠡᠷ᠎ᠡ ᠶᠢᠨ ᠪᠤᠯᠴᠢᠷᠬᠠᠶ ᠶᠢᠨ ᠡᠳ᠋ ᠪᠠ | ᠳ᠋ᠦᠸ᠋ᠪᠠᠺᠧ ᠵᠡᠷᠭᠡ ᠭᠤᠷᠪᠠᠨ ᠵᠦᠢᠯ ᠤᠨ ᠳᠠᠷᠤᠯᠲᠠ ᠶᠢᠨ | ᠬᠤᠷᠮᠣᠨ ᠤ ᠲᠦᠪᠰᠢᠨ ᠢ ᠲᠤᠰ ᠲᠤᠰ 39 %᠂ 70 % ᠪᠠ 38 % ᠪᠠᠷ | ᠪᠠᠭᠤᠷᠠᠭᠤᠯᠬᠤ ᠶᠢ ᠣᠯᠵᠤ ᠮᠡᠳᠡᠵᠡᠢ᠃ ᠰᠤᠳᠤᠯᠭᠠᠳᠡᠳ | ᠢᠯᠡᠷᠬᠡᠢᠯᠡᠬᠦ ᠳᠡᠭᠡᠨ᠂ ᠡᠳᠡᠭᠡᠷ ᠦᠵᠡᠬᠦ ᠳᠤ ᠣᠬᠤᠷᠬᠠᠨ | ᠬᠤᠭᠤᠴᠠᠭᠠᠨ ᠤ ᠰᠡᠳᠬᠢᠴᠡ ᠶᠢ ᠨᠥᠯᠥᠭᠡᠯᠡᠬᠦ ᠬᠦᠴᠦᠨ | ᠵᠦᠶᠯ ᠨᠢ ᠡᠴᠤᠰ ᠲᠡᠭᠡᠨ ᠰᠡᠳᠬᠢᠴᠡ ᠶᠢᠨ ᠡᠪᠡᠳᠴᠢᠨ ᠢ | ᠵᠠᠰᠠᠬᠤ ᠦᠶᠯᠡᠳᠦᠯ ᠭᠠᠷᠭᠠᠵᠤ ᠮᠡᠳᠡᠨ᠎ᠡ᠃ ᠣᠳᠣᠬᠠᠨ ᠳᠤ ᠲᠡᠳᠡ | ᠨᠢᠭᠡᠨᠲᠡ ᠢᠨᠢᠶᠡᠬᠦ ᠵᠠᠰᠠᠯ ᠢ ᠲᠠᠷᠣᠭᠠᠰᠣ ᠶᠢ ᠬᠦᠩᠬᠡᠯᠡᠬᠦ | ᠪᠠᠭᠠᠵᠢ ᠪᠣᠯᠭᠠᠵᠣ᠂ ᠪᠣᠬᠢᠨᠢᠳᠣᠬᠤ ᠡᠪᠡᠳᠴᠢᠨ ᠪᠠ ᠭᠠᠩᠰᠠᠷᠠᠬᠤ | ᠡᠪᠡᠳᠴᠢᠨ ᠲᠠᠢ ᠡᠪᠡᠳᠴᠢᠲᠡᠨ ᠳᠤ ᠥᠷᠭᠡᠨ ᠢᠶᠠᠷ | ᠬᠡᠷᠡᠭᠯᠡᠬᠦ ᠪᠠᠷ ᠪᠡᠯᠡᠳᠬᠡᠵᠦ ᠪᠠᠢᠨ᠎ᠠ᠃ | 3 . ᠥᠯᠥ ᠬᠠᠯᠳᠠᠭᠠᠬᠤ ᠴᠢᠳᠠᠪᠤᠷᠢ ᠶᠢ | ᠳᠡᠭᠡᠭᠰᠢᠯᠡᠭᠦᠯᠦᠨ᠎ᠡ᠃ ᠠᠮᠧᠷᠢᠺᠠ ᠶᠢᠨ ᠡᠷᠳᠡᠮᠲᠡᠨ | ᠯᠢᠪᠥᠸᠧᠺᠧ ᠳ᠋ᠣᠺᠲ᠋ᠣᠷ ᠢᠨᠢᠶᠡᠬᠦ ᠨᠢ ᠬᠥᠮᠦᠨ ᠤ ᠪᠡᠶ᠎ᠡ ᠶᠢᠨ | ᠦᠷᠪᠢᠰᠦᠯ ᠤᠨ ᠬᠡᠮᠵᠢᠶ᠎ᠡ ᠶᠢ ᠲᠣᠷᠣᠭᠰᠢᠯᠠᠭᠤᠯᠬᠤ ᠶᠢᠨ | ᠬᠠᠮᠲᠤ᠂ ᠯᠢᠮᠪᠠ ᠶᠢᠨ ᠡᠰ ᠤᠨ ᠢᠳᠡᠪᠬᠢ ᠴᠢᠨᠠᠷ ᠢ | ᠳᠡᠭᠡᠭᠰᠢᠯᠡᠭᠦᠯᠳᠡᠭ ᠢ ᠰᠤᠳᠤᠯᠤᠨ ᠢᠯᠡᠷᠡᠭᠦᠯᠪᠡ᠃ ᠡᠢᠮᠦ ᠠᠴᠠ | ᠢᠨᠢᠶᠡᠬᠦ ᠨᠢ ᠪᠡᠶ᠎ᠡ ᠮᠠᠬᠠᠪᠣᠳ ᠤᠨ ᠵᠣᠬᠢᠴᠠᠭᠠᠣᠯᠬᠤ | ᠰᠢᠰᠲ᠋ᠧᠮ ᠤᠨ ᠴᠢᠳᠠᠮᠵᠢ ᠶᠢ ᠨᠡᠮᠡᠭᠳᠡᠭᠦᠯᠵᠦ᠂ ᠪᠡᠶ᠎ᠡ | ᠮᠠᠬᠠᠪᠣᠳ ᠢ ᠡᠪᠡᠳᠴᠢᠨ ᠡᠮᠭᠡᠭ ᠠᠴᠠ ᠬᠠᠮᠠᠭᠠᠯᠠᠬᠤ | ᠪᠣᠯᠤᠨ᠎ᠠ᠃ ᠯᠢ ᠳ᠋ᠣᠺᠲ᠋ᠣᠷ ᠢᠨᠢᠶᠡᠬᠦ ᠶᠢ ᠢᠳᠡᠭᠡᠨ | ᠤᠮᠳᠠᠭᠠᠨ ᠢ ᠲᠡᠩᠴᠡᠭᠦᠯᠬᠦ᠂ ᠢᠳᠡᠪᠬᠢᠲᠡᠢ ᠳᠠᠪᠲᠠᠨ | ᠪᠣᠯᠪᠠᠰᠤᠷᠠᠬᠤ ᠪᠠ ᠲᠠᠪᠠᠳᠠᠢ ᠰᠠᠢᠬᠠᠨ ᠣᠨᠳᠠᠬᠤ ᠲᠠᠢ ᠠᠳᠠᠯᠢ | ᠴᠢᠬᠤᠯᠠᠴᠢᠯᠠᠵᠦ᠂ ᠲᠡᠭᠦᠨ ᠢ ᠤᠯᠠᠮᠵᠢᠯᠠᠯᠲᠤ ᠡᠷᠡᠭᠦᠯ | ᠰᠠᠷᠠᠭᠤᠯ ᠠᠮᠢᠳᠤᠷᠠᠯ ᠤᠨ ᠠᠷᠭ᠎ᠠ ᠬᠡᠯᠪᠡᠷᠢ ᠳᠤ ᠣᠷᠣᠭᠤᠯᠪᠠ᠃ | | 4 . ᠡᠪᠡᠳᠬᠦ ᠶᠢ ᠨᠠᠮᠳᠠᠭᠤᠯᠳᠠᠭ᠃ ᠰᠤᠳᠤᠯᠭᠠᠳᠡᠳ ᠠᠯᠢ ᠣᠯᠠᠨ | ᠲᠣᠷᠰᠢᠯᠳᠠ ᠪᠠᠷ ᠳᠠᠮᠵᠢᠨ ᠣᠯᠵᠤ ᠮᠡᠳᠡᠭᠰᠡᠨ ᠨᠢ᠂ | ᠲᠣᠷᠰᠢᠯᠳᠠ ᠳᠤ ᠣᠷᠣᠯᠴᠠᠭᠰᠠᠳ ᠨᠢ ᠨᠢᠭᠡ ᠪᠦᠯᠦᠭ ᠬᠥᠮᠦᠰ ᠲᠠᠢ | ᠬᠠᠮᠲᠤ ᠶᠡᠭᠡ ᠪᠠᠷ ᠢᠨᠢᠶᠡᠬᠦ ᠦᠶᠡᠰ᠂ ᠲᠡᠳᠡᠨ ᠤ ᠡᠪᠡᠳᠬᠦ ᠶᠢ | ᠲᠡᠰᠪᠤᠷᠢᠯᠡᠬᠦ ᠬᠡᠮᠵᠢᠶ᠎ᠡ ᠨᠢ ᠢᠯᠡᠳᠲᠡ ᠳᠡᠭᠡᠭᠰᠢᠯᠡᠪᠡ᠃ | ᠳᠠᠷᠠᠭ᠎ᠠ ᠨᠢ᠂ ᠶᠠᠷᠢᠶᠠᠨ ᠤ ᠰᠡᠳᠦᠪ ᠨᠢ ᠲᠡᠢᠮᠦ | ᠢᠨᠢᠶᠡᠳᠦᠮ ᠲᠠᠢ ᠶᠠᠪᠤᠳᠠᠯ ᠪᠢᠰᠢ ᠪᠣᠯᠬᠤ ᠦᠶ᠎ᠡ ᠳᠤ᠂ | ᠲᠣᠷᠰᠢᠯᠳᠠ ᠳᠤ ᠣᠷᠣᠯᠴᠠᠭᠰᠠᠳ ᠤᠨ ᠡᠪᠡᠳᠬᠦ ᠶᠢ | ᠲᠠᠰᠪᠤᠷᠢᠯᠡᠬᠦ ᠴᠢᠳᠠᠪᠤᠷᠢ ᠨᠢ ᠲᠤᠷᠤᠭᠰᠢᠯᠠᠵᠠᠢ᠃ ᠲᠤᠰᠬᠠᠶ | ᠮᠡᠷᠭᠡᠵᠢᠯᠲᠡᠨ ᠢᠯᠡᠷᠬᠡᠢᠯᠡᠬᠦ ᠳᠡᠭᠡᠨ᠂ ᠢᠨᠢᠶᠡᠪᠡᠯ | ᠡᠪᠡᠳᠬᠦ ᠳᠠᠷᠤᠭᠳᠠᠳᠠᠭ ᠤᠨ ᠤᠴᠢᠷ ᠨᠢ ᠪᠠᠷᠤᠭ ᠪᠡᠶ᠎ᠡ | ᠮᠠᠬᠠᠪᠣᠳ ᠨᠢ ᠲᠡᠭᠦᠨ ᠢ ᠳᠠᠭᠠᠯᠳᠤᠨ ᠲᠤᠲᠤᠭᠠᠳᠤ | ᠲᠠᠢᠪᠤᠰᠢᠷᠠᠯ ᠢ ᠪᠤᠢ ᠪᠤᠯᠭᠠᠭᠰᠠᠨ ᠠᠴᠠ ᠪᠣᠯᠤᠭᠰᠠᠨ ᠪᠠᠢᠵᠤ | ᠮᠡᠳᠡᠨ᠎ᠡ ᠭᠡᠵᠡᠶ᠃ ᠡᠨᠡ ᠪᠣᠯ ᠨᠢᠭᠡ ᠵᠦᠢᠯ ᠤᠨ ᠲᠦᠷᠦᠯᠬᠢ | ᠡᠪᠡᠳᠬᠦ ᠶᠢ ᠵᠣᠭᠰᠣᠭᠠᠬᠤ ᠡᠮ ᠮᠥᠨ᠂ ᠡᠨᠡ ᠨᠢ ᠪᠢᠳᠡᠨ ᠤ | ᠡᠪᠡᠳᠬᠦ ᠶᠢ ᠡᠰᠡᠷᠭᠦᠴᠡᠬᠦ ᠴᠢᠳᠠᠪᠤᠷᠢ ᠶᠢ | ᠨᠡᠮᠡᠭᠳᠡᠭᠦᠯᠦᠭᠰᠡᠨ | 5 . ᠬᠦᠮᠣᠨ ᠪᠡᠶ᠎ᠡ ᠶᠢᠨ ᠢᠯᠴᠢ ᠶᠢᠨ ᠬᠡᠮᠵᠢᠶ᠎ᠡ ᠶᠢ | ᠳᠡᠭᠡᠭᠰᠢᠯᠡᠭᠦᠯᠳᠡᠭ᠃ ᠠᠮᠧᠷᠢᠺᠠ ᠶᠢᠨ ᠰᠤᠳᠤᠯᠭᠠᠳᠡᠳ | ᠢᠯᠡᠷᠬᠡᠢᠯᠡᠬᠦ ᠳᠡᠭᠡᠨ᠂ ᠬᠡᠳᠦ᠋ᠢᠪᠡᠷ ᠢᠨᠢᠶᠡᠵᠦ ᠨᠢ | ᠬᠥᠳᠡᠯᠭᠡᠭᠡᠨ ᠤ ᠪᠣᠯᠪᠠᠰᠤᠷᠠᠯ ᠢ ᠣᠷᠣᠯᠠᠵᠤ ᠲᠡᠢᠯᠬᠦ ᠥᠬᠡᠶ | ᠪᠣᠯᠪᠠᠴᠤ ᠢᠨᠢᠶᠡᠬᠦ ᠳᠠᠭᠤᠨ ᠨᠢ 10 ~ 15 ᠮᠢᠨᠦ᠋ᠲ | ᠦᠷᠬᠦᠯᠵᠢᠯᠡᠪᠡᠯ 40 ᠺᠠᠯᠦᠸᠧᠯᠢ ᠬᠦᠷᠬᠦ ᠢᠯᠴᠢ ᠭᠠᠷᠭᠠᠵᠦ | ᠴᠢᠳᠠᠨ᠎ᠠ ᠭᠡᠵᠡᠶ᠃ ᠡᠭᠦᠨ ᠢᠶᠠᠷ ᠪᠠᠷᠠᠬᠤ ᠦᠭᠡᠢ᠂ ᠶᠡᠭᠡ ᠪᠠᠷ | ᠢᠨᠢᠶᠡᠬᠦ ᠨᠢ ᠪᠠᠰᠠ ᠬᠡᠪᠡᠯᠢ ᠂ ᠮᠥᠷᠥ᠂ ᠪᠤᠯᠴᠢᠩ ᠵᠡᠷᠭᠡ | ᠪᠡᠶ᠎ᠡ ᠶᠢᠨ ᠡᠷᠬᠡᠲᠡᠨ ᠢ ᠳᠠᠪᠲᠠᠨ ᠪᠤᠯᠪᠠᠰᠤᠷᠠᠭᠤᠯᠵᠦ | ᠴᠢᠳᠠᠳᠠᠭ᠃ |