|
ᠠᠷᠠᠳ ᠤᠨ ᠳᠠᠭᠤᠤ — ᠴᠤᠯᠮᠤᠨ ᠴᠤᠬᠤᠷ ᠮᠤᠷᠢ |
|
|
ᠨᠡᠶᠢᠲᠡᠯᠡᠭᠰᠡᠨ ᠴᠠᠭ᠄
2019/11/28
|
ᠴᠤᠬᠤᠷ ᠮᠤᠷᠢ ᠴᠢᠨᠢ | ᠴᠤᠯᠮᠤᠨ ᠴᠤᠬᠤᠷ ᠰᠠᠶᠢᠨ | ᠴᠤᠭᠵᠢᠯ ᠲᠠᠢ ᠶᠠᠪᠤᠪᠠᠯ | ᠭᠡᠶᠢᠮᠤᠷᠢ ᠯᠦᠩᠳᠡ ᠰᠠᠶᠢᠨ᠃ | ᠤᠯᠠᠭᠠᠨ ᠠᠮᠤ ᠴᠢᠨᠢ | ᠲᠠᠷᠢᠬᠤᠢ ᠳᠠᠭᠠᠨ ᠰᠠᠶᠢᠨ | ᠠᠭᠤᠯᠠᠨ ᠴᠢᠨᠡᠭᠡ ᠪᠠᠷ | ᠤᠪᠤᠭᠠᠯᠠᠬᠤᠢ ᠳᠠᠭᠠᠨ ᠰᠠᠶᠢᠨ᠃ | ᠬᠤᠸᠠ ᠴᠤ ᠮᠤᠷᠢ ᠴᠢᠨᠢ | ᠬᠤᠨᠳᠤᠯᠠᠢ ᠲᠦᠬᠦᠷᠡᠩ ᠰᠠᠶᠢᠨ | ᠬᠤᠨᠢ ᠶᠤ᠋ ᠢᠮᠠᠭ᠎ᠠ ᠴᠢᠨᠢ | ᠬᠤᠷᠤᠭ᠎ᠠ ᠲᠦᠬᠦᠷᠡᠩ ᠰᠠᠶᠢᠨ᠃ | ᠰᠢᠵᠢᠷ ᠠᠯᠳᠠ ᠴᠢᠨᠢ | ᠰᠢᠩ ᠢᠶᠠᠷ ᠲᠦᠬᠦᠷᠡᠩ ᠰᠠᠶᠢᠨ | ᠰᠢᠯᠢ ᠶᠤ᠋ ᠲᠠᠯ᠎ᠠ ᠴᠢᠨᠢ | ᠮᠠᠯ ᠢᠶᠠᠷ ᠲᠦᠬᠦᠷᠡᠩ ᠰᠠᠶᠢᠨ᠃ | ᠠᠯᠳᠠ ᠮᠦᠩᠬᠦ ᠴᠢᠨᠢ | ᠠᠪᠳᠠᠷ᠎ᠠ ᠲᠦᠬᠦᠷᠡᠩ ᠰᠠᠶᠢᠨ | ᠠᠴᠢ ᠶᠤ᠋ ᠦᠷ᠎ᠠ ᠴᠢᠨᠢ | ᠭᠡᠷ ᠢᠶᠠᠷ ᠲᠦᠬᠦᠷᠡᠩ ᠰᠠᠶᠢᠨ᠃ |
|
|
|
|
ᠢᠷᠡᠯᠲᠡ᠄
ᠲᠤᠰ ᠰᠦᠯᠵᠢᠶ᠎ᠡ
|