ᠡᠨᠡ ᠪᠤᠯ ᠬᠤᠪᠢ ᠢᠷᠦᠬᠡᠯ    ᠪᠢ  ᠲᠦᠯᠬᠢᠵᠦ ᠪᠤᠯᠬᠤ  ᠦᠬᠡᠢ
ᠨᠡᠶᠢᠲᠡᠯᠡᠭᠰᠡᠨ ᠴᠠᠭ᠄
2018/5/14
     ᠲᠦᠷᠦᠬᠦᠬᠡᠨ᠂ ᠲᠦᠴᠢᠨ ᠬᠤᠶᠠᠷ ᠨᠠᠰᠤᠳᠡᠢ ᠯᠢᠤ ᠶᠦᠡᠭ ᠵᠢᠶᠦ᠋ᠨ ᠦᠪᠡᠷ ᠤᠨ 12000  ᠮᠢᠯᠢᠯᠢᠲ᠋ᠧᠷ ᠴᠢᠰᠤ ᠪᠠᠨ ᠰᠢᠬᠦᠬᠡᠳ 55 ᠮᠢᠯᠢᠯᠢᠲ᠋ᠧᠷ  ᠴᠢᠰᠤ ᠪᠦᠳᠦᠬᠡᠬᠦ ᠭᠤᠤᠯ ᠡᠰ ᠤᠨ ᠬᠦᠪᠦᠮᠡᠯ ᠰᠢᠩᠬᠡᠨ ᠪᠤᠯᠭᠠᠨ ᠠᠬᠰᠢᠭᠠᠵᠦ ᠬᠤᠪᠸᠢ ᠶᠢᠨ ᠨᠢᠬᠡᠨ ᠴᠢᠰᠤ ᠴᠠᠶᠢᠬᠤ ᠡᠪᠡᠳᠴᠢᠳᠠᠨ ᠳᠤ ᠬᠠᠨᠳᠢᠪᠯᠡᠵᠦ ᠦᠭᠴᠡᠢ᠃      ᠯᠢᠤ ᠶᠦᠡᠭ ᠵᠢᠶᠦ᠋ᠨ ᠪᠤᠯ ᠵᠡᠬᠦᠨᠭᠠᠷ ᠬᠤᠰᠢᠭᠤᠨ ᠤ ᠰᠤᠶᠤᠯ ᠵᠢᠭᠤᠯᠴᠢᠯᠠᠯ ᠤᠨ ᠶᠡᠷᠦᠩᠬᠡᠶᠢᠯᠡᠭᠰᠡᠨ ᠬᠠᠤᠯᠢ ᠬᠡᠷᠡᠭᠵᠢᠬᠦᠯᠬᠦ ᠲᠤᠪᠴᠢᠶᠠᠨ ᠤ ᠲᠤᠪᠴᠢᠶᠠᠨ ᠲᠠᠷᠤᠭ᠎ᠠ  ᠪᠤᠯᠬᠤ ᠪᠦᠬᠡᠳ  ᠵᠠᠬᠦᠨᠭᠠᠷ ᠬᠤᠰᠢᠭᠤᠨ ᠤ ᠲᠦᠷᠪᠡᠳᠡᠭᠴᠢ ᠴᠢᠰᠤ ᠪᠦᠳᠦᠬᠡᠬᠦ ᠭᠤᠤᠯ ᠡᠰ ᠤᠨ ᠬᠠᠨᠳᠢᠪᠯᠠᠬᠴᠢ ᠮᠥᠨ᠃ 2005 ᠤᠨ ᠳᠤ᠂ ᠵᠠᠬᠦᠨᠭᠠᠷ ᠬᠤᠰᠢᠭᠤ ᠴᠢᠰᠤ ᠪᠦᠳᠦᠬᠡᠬᠦ ᠭᠤᠤᠯ ᠡᠰ ᠬᠠᠨᠳᠢᠪᠯᠡᠵᠦ ᠴᠤᠬᠯᠠᠭᠤᠯᠬᠤ ᠨᠢᠬᠡᠳᠦᠬᠡᠷ ᠪᠦᠯᠦᠭ ᠲᠤᠷᠰᠢᠯᠳᠠ ᠶᠢᠨ ᠴᠡᠭ ᠪᠤᠯᠵᠡᠢ᠂ ᠯᠢᠤ ᠶᠦᠡᠭ ᠵᠢᠶᠦ᠋ᠨ ᠪᠤᠯ ᠵᠠᠬᠦᠨᠭᠠᠷ ᠬᠤᠰᠢᠭᠤᠨ ᠤ ᠨᠢᠬᠡᠳᠦᠬᠡᠷ ᠪᠦᠯᠦᠭ ᠴᠢᠰᠤ ᠪᠦᠳᠦᠬᠡᠬᠦ ᠭᠤᠤᠯ ᠡᠰ ᠢ ᠴᠤᠬᠯᠠᠭᠤᠯᠬᠤ ᠦᠯᠢᠬᠡᠷ ᠶᠠᠩᠵᠤ ᠶᠢᠨ ᠰᠠᠶᠢᠨ ᠲᠤᠷᠠᠴᠤᠤᠯ ᠪᠠᠶᠢᠵᠦ᠂ ᠲᠤᠮᠳᠠᠳᠤ ᠶᠢᠨ ᠴᠢᠮᠦᠬᠡ ᠶᠢᠨ ᠬᠦᠮᠦᠷᠬᠡ ᠶᠢᠨ ᠠᠩᠬᠠᠨ ᠤ ᠪᠦᠯᠦᠭ ᠬᠡᠰᠢᠬᠦᠨ ᠪᠤᠯᠵᠡᠢ᠃      2017 ᠤᠨ ᠤ 11 ᠰᠠᠷ᠎ᠠ ᠳᠤ᠂ ᠯᠢᠤ ᠶᠦᠡᠭ ᠵᠢᠶᠦ᠋ᠨ ᠵᠠᠬᠦᠨᠭᠠᠷ ᠬᠤᠰᠢᠭᠤᠨ ᠤ ᠤᠯᠠᠭᠠᠨ ᠵᠠᠭᠠᠯᠮᠠᠶᠢᠳᠠᠨ ᠤ ᠨᠡᠶᠢᠬᠡᠮᠯᠢᠭ ᠤᠨ ᠠᠵᠢᠯᠳᠠᠨ ᠤ ᠤᠳᠠᠰᠤ ᠶᠢ ᠲᠤᠰᠴᠤ᠂ ᠨᠢᠬᠡᠨ ᠴᠢᠰᠤ ᠴᠠᠶᠢᠬᠤ ᠡᠪᠡᠳᠴᠢᠳᠠᠨ ᠤ ᠴᠢᠮᠦᠬᠡ  ᠶᠢᠨ ᠬᠡᠯᠪᠡᠷᠢ ᠨᠢ   ᠲᠤᠬᠢᠷᠠᠬᠰᠠᠨ ᠢ  ᠮᠡᠳᠡᠬᠡᠳ᠂ ᠯᠢᠤ ᠶᠦᠡᠭ ᠵᠢᠶᠦ᠋ᠨ ᠦᠴᠦᠬᠡᠨ ᠴᠤ ᠲᠠᠳᠠᠭᠠᠯᠵᠠᠬᠰᠠᠨ ᠦᠬᠡᠢ ᠪᠠᠷ ᠴᠢᠰᠤ ᠪᠦᠳᠦᠬᠡᠬᠦ ᠭᠤᠤᠯ ᠡᠰ ᠢᠶᠠᠨ ᠬᠠᠨᠳᠢᠪᠯᠠᠬᠤ ᠪᠠᠷ ᠲᠤᠭᠳᠠᠵᠡᠢ᠃ ᠯᠢᠤ ᠶᠦᠡᠭ ᠵᠢᠶᠦ᠋ᠨ ᠰᠤᠷᠪᠤᠯᠵᠢᠯᠠᠬᠴᠢ ᠳᠤ᠄ ︽ᠬᠠᠨᠳᠢᠪᠯᠠᠬᠤ ᠤᠳᠠᠰᠤ ᠶᠢ ᠲᠤᠰᠤᠭᠠᠳ ᠪᠠᠶᠠᠷᠯᠠᠬᠰᠠᠨ  ᠰᠢᠤ᠂ ᠤᠴᠢᠷ ᠨᠢ ᠬᠡᠯᠪᠡᠷᠢ ᠨᠢ ᠲᠤᠬᠢᠷᠠᠬᠤ ᠨᠤᠷᠮ᠎ᠠ  ᠠᠷᠪᠠᠨ ᠲᠦᠮᠡ   ᠶᠢᠨ ᠲᠤᠳᠤᠷ᠎ᠠ ᠠᠴᠠ ᠨᠢᠬᠡ  ᠯᠠ ᠪᠠᠶᠢᠳᠠᠭ ᠬᠡᠳᠡᠭ᠃ ᠡᠨᠡ ᠪᠤᠯ ᠬᠤᠪᠢ ᠢᠷᠦᠬᠡᠯ  ᠪᠠᠶᠢᠵᠦ᠂ ᠮᠥᠨ ᠴᠤ ᠴᠢᠰᠤ ᠴᠠᠶᠢᠬᠤ ᠡᠪᠡᠳᠴᠢᠳᠠᠨ ᠤ ᠬᠠᠮᠤᠭ ᠡᠴᠦᠰ ᠤᠨ ᠠᠮᠢ ᠠᠪᠤᠷᠠᠬᠤ ᠪᠤᠯᠤᠮᠵᠢ ᠪᠢᠯᠡ᠃ ᠡᠨᠡ ᠬᠦᠮᠥᠨ ᠢ ᠠᠪᠤᠷᠠᠬᠤ ᠳᠤ ᠪᠢ ᠲᠦᠯᠬᠢᠵᠦ  ᠪᠤᠯᠤᠰᠢ ᠦᠬᠡᠢ   ᠶᠤᠮ︾ ᠬᠡᠪᠡ᠃      ᠯᠢᠤ ᠶᠦᠡᠭ ᠵᠢᠶᠦ᠋ᠨ ᠨᠡᠯᠢᠶᠡᠳ ᠮᠠᠷᠢᠶᠠᠪᠳᠤᠷ ᠬᠦᠮᠥᠨ  ᠪᠠᠶᠢᠵᠦ᠂ ᠡᠷᠡᠬᠦᠯ ᠰᠠᠶᠢᠬᠠᠨ ᠴᠢᠰᠤ ᠪᠠᠨ ᠬᠠᠨᠳᠢᠪᠯᠠᠬᠤ ᠪᠠᠷ ᠲᠡᠷᠡ ᠤᠳᠠᠰᠤ ᠲᠤᠰᠤᠬᠰᠠᠨ ᠴᠠᠭ ᠠᠴᠠ ᠠᠷᠢᠬᠢ ᠲᠠᠮᠡᠬᠢ ᠪᠠᠨ ᠵᠤᠬᠰᠤᠭᠠᠵᠦ᠂ ᠢᠳᠡᠵᠦ ᠤᠤᠭᠤᠬᠤ ᠪᠠᠨ ᠠᠩᠬᠠᠷᠴᠤ ᠲᠤᠬᠢᠷᠠᠭᠤᠯᠤᠨ᠂ ᠡᠳᠦᠷ ᠪᠦᠷᠢ ᠪᠡᠶ᠎ᠠ ᠪᠠᠨ ᠪᠤᠯᠪᠠᠰᠤᠷᠠᠭᠤᠯᠳᠠᠭ  ᠪᠠᠶᠢᠪᠠ᠃ ᠡᠨᠡ ᠵᠢᠯ ᠤᠨ ᠴᠠᠭᠠᠨ ᠰᠠᠷ᠎ᠠ ᠶᠢᠨ ᠰᠢᠨ᠎ᠠ ᠶᠢᠨ ᠨᠠᠢᠮᠠᠨ ᠳᠤ ᠯᠢᠤ ᠶᠦᠡᠭ ᠵᠢᠶᠦ᠋ᠨ HLA ᠲᠡᠬᠡᠳᠤ ᠬᠡᠮᠵᠢᠶ᠎ᠠ ᠪᠠᠷ ᠢᠯᠭᠠᠵᠦ ᠲᠦᠷᠦᠯ ᠬᠤᠪᠢᠶᠠᠠᠬᠤ ᠰᠢᠯᠭᠠᠨ ᠪᠠᠶᠢᠴᠠᠭᠠᠯᠳᠠ ᠶᠢᠨ ᠠᠮᠵᠢᠯᠳᠠ ᠤᠯᠤᠬᠰᠠᠨ ᠤᠳᠠᠰᠤ ᠶᠢ ᠲᠤᠰᠤᠭᠠᠳ᠂ ᠲᠠᠷᠦ᠋ᠢᠬᠠᠨ ᠪᠡᠶ᠎ᠠ ᠶᠢᠨ ᠪᠠᠶᠢᠴᠠᠭᠠᠯᠳᠠ ᠬᠢᠵᠡᠢ᠃ ᠯᠢᠤ ᠶᠦᠡᠭ ᠵᠢᠶᠦ᠋ᠨ ᠤ ᠡᠯ᠎ᠠ ᠲᠦᠷᠦᠯ ᠤᠨ ᠬᠦᠢᠴᠡᠳᠬᠡᠯ ᠲᠤᠭ᠎ᠠ ᠨᠢ ᠪᠦᠷ ᠬᠡᠪ ᠤᠨ ᠪᠠᠶᠢᠵᠦ᠂ ᠴᠢᠰᠤ ᠪᠦᠳᠦᠬᠡᠬᠦ ᠭᠤᠤᠯ ᠡᠰ ᠬᠠᠨᠳᠢᠪᠯᠠᠬᠤ ᠨᠦᠬᠦᠴᠡᠯ ᠳᠤ ᠪᠦᠷᠢᠮᠦᠰᠦᠨ ᠨᠠᠶᠢᠴᠡᠵᠦ᠂ ᠪᠡᠬᠡᠵᠢᠩ ᠳᠤ ᠤᠳᠠᠯ ᠦᠬᠡᠢ ᠤᠴᠢᠬᠤ ᠪᠤᠯᠵᠡᠢ᠃      ᠬᠡᠷ ᠤᠨ ᠬᠦᠮᠦᠰ ᠨᠢ ᠯᠢᠤ ᠶᠦᠡᠭ ᠵᠢᠶᠦ᠋ᠨ ᠤ ᠲᠤᠬᠢᠷᠠᠬᠤ ᠬᠡᠯᠪᠡᠷᠢ ᠨᠢ ᠠᠮᠵᠢᠯᠳᠠ ᠤᠯᠤᠬᠰᠠᠨ ᠢ ᠮᠡᠳᠡᠬᠡᠳ᠂ ᠪᠦᠰᠡᠬᠦᠢ ᠨᠢ ᠴᠤ ᠲᠡᠬᠦᠨ ᠢ ᠲᠡᠮᠵᠢᠬᠦ ᠳᠤ ᠡᠵᠢ ᠨᠢ ᠬᠠᠷᠢᠨ ᠲᠡᠬᠦᠨ ᠳᠤ ᠰᠠᠨᠠᠭᠠᠰᠢᠷᠠᠵᠦ ᠪᠡᠶ᠎ᠠ ᠳᠤ ᠨᠢ ᠨᠦᠯᠦᠬᠡ ᠪᠤᠯᠬᠤ ᠠᠴᠠ ᠵᠤᠪᠠᠵᠡᠢ᠃ ︽ᠴᠢᠰᠤ ᠶᠡᠬᠦᠯᠡᠬᠦ ᠠᠴᠠ ᠡᠮᠦᠨ᠎ᠠ᠂ ᠪᠢ ᠴᠢᠰᠤ ᠪᠦᠳᠦᠬᠡᠬᠦ ᠭᠤᠤᠯ ᠡᠰ ᠬᠠᠨᠳᠢᠪᠯᠠᠬᠤ ᠲᠤᠬᠠᠢ ᠤᠯᠠᠨ ᠮᠠᠲ᠋ᠧᠷᠢᠶᠠᠯ ᠢ ᠦᠵᠡᠵᠦ᠂ ᠪᠡᠶ᠎ᠠ ᠶᠢᠨ ᠡᠷᠡᠬᠦᠯ ᠮᠡᠨᠳᠤ ᠶᠢ ᠨᠢ ᠨᠦᠯᠥᠬᠡᠯᠡᠬᠦ ᠦᠬᠡᠢ ᠶᠢ ᠮᠡᠳᠡᠪᠡ  ︾  ᠬᠡᠵᠦ ᠯᠢᠤ ᠶᠦᠡᠭ ᠵᠢᠶᠦ᠋ᠨ ᠡᠵᠢ ᠶᠢᠨ ᠢᠶᠠᠨ ᠵᠤᠪᠠᠨᠢᠯ ᠢ ᠲᠠᠶᠢᠳᠬᠤᠷᠠᠭᠤᠯᠵᠦ᠂ ᠴᠢᠰᠤ ᠪᠦᠳᠦᠬᠡᠬᠦ ᠭᠤᠤᠯ ᠡᠰ ᠤᠨ ᠲᠤᠬᠠᠢ ᠬᠠᠮᠢᠶ᠎ᠠ ᠪᠦᠬᠦᠢ ᠮᠡᠳᠡᠯᠬᠡ ᠶᠢ ᠲᠠᠶᠢᠯᠪᠤᠷᠢᠯᠠᠨ  ᠦᠭᠬᠦᠭᠰᠡᠨ ᠴᠤ ᠡᠵᠢ ᠠᠴᠠ ᠪᠠᠨ ᠨᠢᠭᠤᠵᠦ ᠪᠡᠬᠡᠵᠢᠩ ᠳᠤ ᠶᠠᠪᠤᠬᠰᠠᠨ ᠪᠠᠶᠢᠵᠡᠢ᠃      ᠡᠨᠡ ᠵᠢᠯ ᠤᠨ 3 ᠰᠠᠷ᠎ᠠ ᠶᠢᠨ 20 ᠤ ᠡᠳᠦᠷ᠂ ᠯᠢᠤ ᠶᠦᠡᠭ ᠵᠢᠶᠦ᠋ᠨ ᠠᠬ᠎ᠠ ᠲᠠᠢ ᠪᠠᠨ ᠪᠡᠬᠡᠵᠢᠩ ᠳᠤ ᠬᠦᠷᠪᠠ᠃ ᠲᠤᠮᠳᠠᠳᠤ ᠤᠯᠤᠰ ᠤᠨ ᠠᠷᠠᠳ ᠤᠨ ᠴᠢᠯᠦᠬᠡᠯᠡᠬᠦ ᠴᠡᠷᠢᠭ ᠤᠨ ᠲᠠᠯᠠᠢ ᠶᠢᠨ ᠴᠡᠷᠢᠭ ᠤᠨ ᠶᠡᠷᠦᠩᠬᠡᠢ ᠡᠮᠨᠡᠯᠬᠡ ᠶᠢᠨ ᠬᠤᠷᠢᠶᠠᠨ ᠤ ᠴᠢᠰᠤᠨ  ᠰᠠᠯᠠᠭ᠎ᠠ᠂ 4 ᠡᠳᠦᠷ  ᠲᠦᠷᠬᠡᠨ ᠤᠷᠭᠤᠭᠤᠯᠬᠤ ᠡᠮ ᠴᠤᠬᠢᠵᠦ᠂ ᠴᠢᠰᠤ ᠪᠦᠳᠦᠬᠡᠬᠦ ᠭᠤᠤᠯ ᠡᠰ ᠢ ᠶᠡᠬᠡᠪᠡᠷ ᠤᠷᠭᠤᠭᠤᠯᠵᠦ ᠭᠠᠳᠠᠷ ᠲᠤᠭᠤᠷᠢᠨ ᠤ ᠴᠢᠰᠦᠨ ᠳᠤ ᠤᠷᠤᠰᠤᠨ ᠤᠷᠤᠬᠤ ᠶᠢ ᠠᠬᠢᠭᠤᠯᠵᠡᠢ᠃ ᠲᠡᠬᠦᠨ ᠤ ᠪᠡᠶ᠎ᠠ ᠨᠢ ᠡᠪᠬᠦ᠋ᠢᠷᠡᠵᠦ᠂ ᠲᠤᠯᠤᠭᠠᠢ ᠬᠦᠯ ᠡᠪᠡᠳᠦᠨ᠂ ᠬᠠᠨᠢᠶᠠᠯᠭᠠᠵᠦ᠂ ᠪᠦᠬᠦ ᠪᠡᠶ᠎ᠠ ᠨᠢ ᠰᠢᠨᠠᠯᠵᠦ ᠡᠪᠡᠳᠴᠡᠢ᠃ ︽ᠲᠡᠬᠦᠦ ᠬᠦᠷᠬᠡᠨ ᠮᠠᠨᠢ ᠦᠨᠡᠨᠴᠢ ᠰᠢᠳᠤᠷᠭᠤ ᠵᠠᠩ ᠲᠠᠢ᠂ ᠤᠯᠠᠨ ᠭᠠᠵᠠᠷ ᠴᠢᠰᠤ ᠪᠠᠨ ᠶᠡᠬᠦᠯᠡᠵᠦ ᠦᠡᠭᠬᠡᠷᠡᠭᠰᠡᠨ᠂ ᠡᠨᠡ ᠤᠳᠠᠭ᠎ᠠ ᠡᠨᠡ ᠬᠦᠮᠦᠨ ᠢ ᠠᠪᠤᠷᠠᠬᠤ ᠪᠠᠷ ᠠᠷᠢᠬᠢ ᠲᠡᠮᠡᠬᠢ ᠪᠠᠨ ᠵᠤᠬᠰᠤᠭᠠᠵᠦ᠂ ᠢᠳᠡᠰᠢ ᠤᠤᠭᠤᠰᠢ ᠪᠠᠨ ᠬᠢᠴᠢᠶᠡᠵᠦ᠂ ᠡᠳᠦᠷ ᠪᠦᠷᠢ ᠲᠦᠮᠡᠨ ᠠᠯᠬᠤᠮ ᠠᠯᠬᠤᠵᠦ᠂ ᠠᠷᠪᠠᠨ ᠬᠡᠳᠦᠨ ᠵᠢᠩ  ᠪᠠᠭᠤᠷᠡᠵᠡᠢ᠃ ᠠᠳᠡ ᠢᠷᠡᠬᠡᠳ ᠵᠡᠬᠦᠦ ᠴᠤᠬᠢᠭᠠᠳ ᠪᠦᠬᠦ ᠪᠡᠶ᠎ᠠ ᠨᠢ ᠵᠤᠪᠠᠭᠰᠠᠨ ᠴᠤ ᠦᠬᠡ ᠲᠤᠤᠭᠠᠷᠤᠯ ᠦᠬᠡᠢ  ᠪᠠᠶᠢᠵᠦ᠂ ᠬᠠᠷᠢᠨ ᠪᠤᠰᠤᠳ ᠢ  ᠵᠤᠷᠢᠭᠵᠢᠭᠤᠯᠵᠦ ᠪᠠᠶᠢᠬᠰᠠᠨ︾ ᠬᠡᠵᠦ ᠯᠢᠤ ᠶᠦᠡᠭ ᠵᠢᠶᠦ᠋ᠨ ᠤ ᠠᠬ᠎ᠠ ᠵᠤᠤ ᠵᠢᠶᠦ᠋ᠨ ᠶᠠᠷᠢᠨ᠎ᠠ᠃       3 ᠰᠠᠷ᠎ᠠ ᠶᠢᠨ 26 ᠤ ᠡᠳᠦᠷ᠂ ᠯᠢᠤ ᠶᠦᠡᠭ ᠵᠢᠶᠦ᠋ᠨ ᠴᠢᠰᠤ ᠪᠠᠨ ᠶᠡᠬᠦᠯᠡᠪᠡ᠃ ︽ᠲᠡᠬᠦᠨ ᠤ ᠴᠢᠰᠤ ᠶᠢ ᠶᠡᠬᠦᠯᠡᠬᠦ ᠳᠤ 4 ᠴᠠᠭ ᠬᠢᠷᠢᠳᠡᠢ ᠴᠠᠭ ᠵᠠᠷᠤᠴᠠᠭᠤᠯᠤᠬᠰᠠᠨ᠂ 55 ᠮᠢᠯᠢᠯᠢᠲ᠋ᠧᠷ ᠴᠢᠰᠤ ᠠᠪᠤᠪᠠ᠃ ᠬᠦᠮᠥᠨ ᠤ ᠪᠡᠶ᠎ᠠ ᠳᠤ ᠶᠡᠷᠦᠩᠬᠡᠢ ᠡᠷᠬᠢᠯᠳᠡ ᠶᠢᠨ ᠬᠡᠮᠵᠢᠶ᠎ᠠ ᠨᠢ 12000  ᠮᠢᠯᠢᠯᠢᠲ᠋ᠧᠷ ᠬᠦᠷᠬᠦ ᠳᠤ ᠬᠦᠮᠥᠨ ᠤ ᠪᠡᠶ᠎ᠠ  ᠶᠠᠭ 2 ᠤᠳᠠᠭ᠎ᠠ ᠴᠢᠰᠤ ᠪᠠᠨ ᠰᠤᠯᠢᠳᠠᠭ︾ ᠬᠡᠵᠦ ᠬᠤᠰᠢᠭᠤᠨ ᠤ ᠤᠯᠠᠭᠠᠨ ᠵᠠᠭᠠᠯᠮᠠᠶᠢᠳᠠᠨ ᠤ ᠨᠡᠶᠢᠬᠡᠮᠯᠢᠭ ᠤᠨ ᠲᠡᠳ᠋ ᠲᠠᠷᠤᠭ᠎ᠠ ᠯᠢ ᠯᠢᠤ ᠶᠢᠨ ᠶᠠᠷᠢᠨ᠎ᠠ᠃ ᠲᠡᠷᠡ ᠵᠠᠯᠭᠠᠭᠠᠳ᠄ ︽ᠯᠢᠤ ᠶᠦᠡᠭ ᠵᠢᠶᠦ᠋ᠨ ᠪᠤᠯ ᠨᠢᠬᠡ ᠬᠠᠯᠠᠭᠤᠨ ᠰᠡᠳᠬᠢᠯᠳᠠᠨ᠂ ᠬᠦᠮᠥᠨ ᠤ ᠠᠮᠢ   ᠶᠢ ᠠᠪᠤᠷᠠᠬᠤ ᠪᠠᠷ ᠲᠦᠷᠦᠯ ᠰᠠᠳᠤᠨ ᠢᠶᠠᠨ ᠢᠳᠬᠠᠵᠦ᠂ ᠪᠡᠬᠡᠵᠢᠩ ᠳᠤ ᠤᠴᠢᠵᠦ ᠴᠢᠰᠤ ᠪᠠᠨ ᠬᠠᠨᠳᠢᠪᠯᠡᠯ᠎ᠠ︾ ᠬᠡᠪᠡ᠃      ᠠᠮᠵᠢᠯᠳᠠ  ᠤᠯᠤᠬᠰᠠᠨ ᠤ  ᠰᠡᠬᠦᠯᠡᠷ᠂᠂ ᠯᠢᠤ ᠶᠦᠡᠭ ᠵᠢᠶᠦ᠋ᠨ ᠰᠤᠷᠪᠤᠯᠵᠢᠯᠠᠬᠴᠢ ᠳᠤ᠄ ︽ᠮᠠᠰᠠ ᠵᠠᠰᠠᠯ ᠤᠨ ᠲᠠᠷᠠᠭ᠎ᠠ᠂ ᠲᠡᠷᠡ ᠬᠦᠮᠦᠨ ᠴᠤᠬᠤᠮ ᠶᠠᠮᠠᠷ ᠬᠦᠮᠥᠨ ᠪᠤᠯᠬᠤ ᠶᠢ ᠪᠢ ᠮᠡᠳᠡᠬᠦ ᠦᠬᠡᠢ᠂ ᠬᠡᠪᠡᠴᠤ ᠲᠡᠷᠡ ᠲᠠᠬᠢᠨ ᠠᠮᠢᠳᠤᠷᠠᠬᠤ ᠪᠤᠯᠤᠮᠵᠢ ᠤᠯᠤᠬᠰᠠᠨ ᠪᠤᠯᠬᠤᠷ ᠪᠡᠶ᠎ᠠ ᠨᠢ ᠡᠷᠡᠬᠦᠯ ᠪᠤᠯᠤᠭᠠᠰᠡᠢ᠂ ᠪᠢ ᠵᠦᠪᠬᠡᠨ ᠲᠡᠬᠡᠵᠦ ᠪᠤᠳᠤᠭᠠᠳ ᠬᠢᠭᠰᠡᠨ︾ ᠬᠡᠪᠡ᠃       ᠲᠡᠷᠡ ᠡᠳᠦᠷ᠂ ᠯᠢᠤ ᠶᠦᠡᠭ ᠵᠢᠶᠦ᠋ᠨ ᠡᠪᠡᠳᠴᠢᠳᠠᠨ ᠤ  ᠪᠢᠴᠢᠭᠰᠡᠨ ᠲᠠᠯᠠᠷᠬᠠᠯ ᠤᠨ ᠪᠢᠴᠢᠭ ᠢ  ᠭᠠᠷᠳᠠᠪᠠ᠃      ︽ᠪᠢ ᠢᠡᠭᠬᠢᠵᠤ  ᠬᠢᠵᠦ ᠪᠠᠶᠢᠬᠤ ᠨᠢ ᠨᠡᠷ᠎ᠠ ᠭᠠᠷᠬᠤ ᠬᠡᠰᠡᠨ ᠪᠢᠰᠢ᠂ ᠢᠡᠭᠬᠢᠵᠦ ᠬᠢᠶ᠎ᠠ ᠬᠡᠵᠦ ᠪᠤᠳᠤᠬᠰᠠᠨ ᠲᠡᠳᠦᠢ᠃ ᠬᠡᠷᠪᠡ ᠮᠢᠨᠤ ᠭᠤᠤᠯ ᠡᠰ ᠪᠤᠰᠤᠳ ᠲᠠᠢ ᠪᠠᠰᠠ ᠲᠤᠬᠢᠷᠠᠬᠤ ᠳᠤ ᠬᠦᠷᠪᠡᠯ ᠪᠢ ᠪᠠᠰᠠ ᠲᠦᠯᠬᠢᠵᠦ ᠴᠢᠳᠠᠰᠢ ᠦᠬᠡᠢ   ᠶᠤᠮ︾ ᠬᠡᠵᠦ ᠯᠢᠤ ᠶᠦᠡᠭ ᠵᠢᠶᠦ᠋ᠨ ᠶᠠᠷᠢᠨ᠎ᠠ᠃   ᠲᠡᠷᠡ  ᠪᠠᠰᠠ ᠵᠠᠯᠭᠠᠭᠠᠳ ᠬᠡᠯᠡᠬᠦ ᠳᠤ ᠪᠠᠨ᠄ ︽ᠤᠯᠠᠩᠬᠢ ᠬᠦᠮᠦᠰ ᠴᠢᠰᠤ ᠪᠦᠳᠦᠬᠡᠬᠦ ᠭᠤᠤᠯ ᠡᠰ ᠬᠠᠨᠳᠢᠪᠯᠠᠬᠤ ᠲᠤᠬᠠᠢ ᠦᠢᠯᠠᠭᠠᠬᠤ ᠦᠬᠡᠢ᠂ ᠦᠨᠡᠨ ᠳᠤ ᠪᠠᠨ᠂ ᠡᠨᠡ ᠨᠢ ᠬᠠᠨᠳᠢᠪᠯᠠᠬᠰᠠᠨ ᠬᠦᠮᠥᠨ ᠤ ᠪᠡᠶ᠎ᠠ ᠳᠤ ᠨᠦᠯᠦᠬᠡ ᠪᠤᠯᠬᠤ ᠦᠬᠡᠢ ᠬᠡᠨ᠎ᠠ᠃ ᠴᠢᠰᠤ ᠴᠠᠶᠢᠬᠤ ᠡᠪᠡᠳᠴᠢᠳᠠᠨ ᠳᠤ ᠠᠪᠴᠤ ᠬᠡᠯᠡᠪᠡᠯ᠂ ᠡᠨᠡ ᠨᠢᠬᠡ ᠤᠭᠤᠳᠠ ᠴᠢᠰᠤ ᠪᠤᠯ ᠠᠮᠢ ᠠᠪᠤᠷᠠᠬᠤ ᠴᠢᠰᠤ ᠪᠤᠯᠤᠨ᠎ᠠ᠂ ᠪᠢ  ᠬᠦᠮᠥᠨ ᠪᠦᠬᠦᠳᠠ ᠨᠦᠬᠦᠬᠡ ᠲᠠᠯ᠎ᠠ ᠠᠴᠠ  ᠪᠤᠳᠤᠯᠬᠢᠯᠠᠵᠦ᠂ ᠪᠤᠰᠤᠳ ᠬᠦᠮᠥᠨ ᠲᠡᠮᠵᠢᠯᠬᠡ ᠬᠦᠰᠡᠪᠡᠯ  ᠬᠠᠯᠠᠭᠤᠨ ᠭᠠᠷ ᠢᠶᠠᠨ ᠰᠤᠩᠭᠠᠵᠦ᠂ ᠠᠮᠢ ᠨᠠᠰᠤ ᠶᠢ   ᠨᠢ ᠦᠷᠬᠦᠯᠵᠢᠯᠡᠬᠦᠯᠬᠦ ᠶᠢ  ᠬᠦᠰᠡᠵᠦ ᠪᠠᠶᠢᠨ᠎ᠠ︾ ᠬᠡᠪᠡ᠃      2000 ᠤᠨ ᠳᠤ ᠠᠵᠢᠯᠯᠠᠬᠰᠠᠨ ᠠᠴᠠ ᠨᠠᠰᠢ᠂ ᠯᠢᠤ ᠶᠦᠡᠭ ᠵᠢᠶᠦ᠋ᠨ ᠪᠠᠷᠤᠭ ᠵᠢᠯ ᠪᠦᠷᠢ ᠴᠢᠰᠤ ᠪᠠᠨ ᠶᠡᠬᠦᠯᠡᠵᠦ᠂ ᠤᠳᠤᠬᠠᠨ ᠪᠤᠯᠬᠤ ᠳᠤ 15 ᠤᠳᠠᠭ᠎ᠠ ᠴᠢᠰᠤ ᠪᠠᠨ ᠬᠠᠨᠳᠢᠪᠯᠡᠵᠦ᠂ 5000  ᠮᠢᠯᠢᠯᠢᠲ᠋ᠧᠷ ᠴᠢᠰᠤ ᠬᠠᠨᠳᠢᠪᠯᠡᠬᠰᠠᠨ ᠪᠠᠶᠢᠨ᠎ᠠ᠃      ᠦᠢᠯᠠᠭᠠᠬᠰᠠᠨ ᠢᠶᠠᠷ᠂ ᠵᠠᠬᠦᠨᠭᠠᠷ ᠬᠤᠰᠢᠭᠤ 2005 ᠤᠨ ᠠᠴᠠ ᠴᠢᠰᠤ ᠪᠦᠳᠦᠬᠡᠬᠦ ᠭᠤᠤᠯ ᠡᠰ ᠢ ᠬᠠᠨᠳᠢᠪᠯᠠᠬᠤ ᠠᠵᠢᠯ ᠢ ᠦᠷᠨᠢᠬᠦᠯᠦᠭᠰᠡᠨ ᠠᠴᠠ ᠨᠠᠰᠢ᠂ 798 ᠬᠦᠮᠥᠨ ᠤ ᠴᠢᠰᠤ ᠪᠦᠳᠦᠬᠡᠬᠦ ᠭᠤᠤᠯ ᠡᠰ ᠤᠨ ᠦᠯᠢᠬᠡᠷ ᠶᠠᠩᠵᠤ ᠶᠢ ᠬᠤᠷᠠᠮᠳᠤᠭᠤᠯᠵᠡᠢ᠃ ᠤᠳᠤᠬᠠᠨ ᠪᠤᠯᠬᠤ ᠳᠤ ᠯᠢᠤ ᠶᠦᠡᠭ ᠵᠢᠶᠦ᠋ᠨ ᠢ ᠪᠠᠭᠳᠠᠭᠠᠬᠰᠠᠨ 4 ᠰᠠᠶᠢᠨ ᠲᠤᠷᠠᠴᠤᠤᠯ ᠦᠪᠡᠷ ᠤᠨ ᠴᠢᠰᠤ ᠪᠦᠳᠦᠬᠡᠬᠦ ᠭᠤᠤᠯ ᠡᠰ ᠢᠶᠠᠨ ᠬᠠᠨᠳᠢᠪᠯᠡᠬᠰᠠᠨ ᠪᠠᠶᠢᠨ᠎ᠠ᠃
ᠢᠷᠡᠯᠲᠡ᠄ ︽ᠵᠡᠬᠦᠨᠭᠠᠷ ᠤᠨ ᠰᠤᠨᠢᠨ︾