ᠵᠡᠭᠦᠡᠭᠠᠷ  ᠠᠷᠠᠳ  ᠤᠨ  ᠳᠠᠭᠤᠤ — ᠠᠬᠢ ᠪᠤᠭᠤᠷᠤᠯ ᠠᠪᠤ
ᠨᠡᠶᠢᠲᠡᠯᠡᠭᠰᠡᠨ ᠴᠠᠭ᠄
2018/4/24
ᠤᠷᠤᠢ   ᠳᠤᠨᠢ ᠤᠷᠭᠤᠭᠰᠠᠨ ᠠᠷᠴᠠᠨ ᠤ ᠮᠤᠳᠤ ᠪᠠᠶᠢᠨ᠎ᠠ ᠠᠴᠢᠯᠠᠵᠤ ᠯᠡ ᠦᠰᠭᠡᠭᠰᠡᠨ ᠡᠵᠢ ᠯᠠᠷᠠᠨ ᠰᠠᠭᠤᠶ᠎ᠠ ᠪᠢ ᠠᠵᠢᠨᠠᠢ ᠠᠵᠢᠨᠠᠢ ᠠᠯᠤᠰ ᠬᠤᠯᠠ ᠦᠭᠬᠦᠭᠰᠡᠨ ᠴᠢᠨᠢ ᠠᠬᠢ ᠪᠤᠭᠤᠷᠤᠯ ᠠᠪᠤ ᠮᠢᠨᠢ᠃     ᠵᠦᠢᠷᠡᠬᠦᠯᠦᠭᠡᠳ ᠭᠡᠯᠡᠭᠰᠡᠨ ᠦᠭᠡᠨ   ᠳᠤᠨᠢ ᠴᠤ ᠪᠤᠯᠪᠠᠦ     ᠵᠢᠩᠨᠡᠬᠦᠷ ① ᠢᠶᠠᠷ ᠢᠶᠠᠨ ᠵᠢᠩᠨᠡᠭᠰᠡᠨ ᠮᠦᠩᠬᠦᠨ   ᠳᠤᠨᠢ ᠬᠠᠭᠤᠷᠠᠭᠳᠠᠪᠠᠦ︖       ︵ᠲᠠᠬᠢᠯᠳᠠ︶ ᠪᠠᠭᠠᠷᠳᠠᠭᠨᠠᠭᠠᠳ ᠭᠡᠯᠡᠭᠰᠡᠨ ᠦᠭᠡᠨ   ᠳᠤᠨᠢ ᠪᠤᠯᠪᠠᠦ︖ ᠪᠠᠭᠯᠠᠭ᠎ᠠ ᠲᠠᠢ ᠠᠪᠴᠢᠷᠠᠭᠰᠠᠨ ᠰᠠᠮᠪᠠᠢ   ᠳᠤᠨᠢ ᠬᠠᠭᠤᠷᠠᠭᠳᠠᠪᠠᠦ︖       ︵ᠲᠠᠬᠢᠯᠳᠠ︶     ᠲᠡᠮᠡᠭᠡᠨ   ᠳᠡᠭᠡᠨ ᠠᠴᠢᠭᠰᠠᠨ ᠰᠢᠬᠦᠰᠦᠨ   ᠳᠤᠨᠢ ᠪᠤᠯᠪᠠᠦ︖     ᠲᠢᠶᠠᠨᠫᠢᠨ ᠳᠤ ᠲᠠᠯᠪᠢᠭᠰᠠᠨ ᠠᠯᠳᠠ   ᠳᠤᠨᠢ ᠬᠠᠭᠤᠷᠠᠭᠳᠠᠪᠠᠦ︖       ︵ᠲᠠᠬᠢᠯᠳᠠ︶ ᠵᠠᠯᠠᠨ ᠲᠡᠭᠡᠷ᠎ᠠ ᠤᠶᠠᠭᠰᠠᠨ ᠪᠤᠳᠠ   ᠳᠤᠨᠢ ᠪᠤᠯᠪᠠᠦ︖ ᠵᠡᠷᠭᠡᠴᠡᠭᠡᠳ ᠬᠦᠶᠦᠭᠰᠡᠨ ᠯᠡ ᠮᠤᠷᠢᠨ   ᠳᠤᠨᠢ ᠴᠤ ᠪᠤᠯᠪᠠᠦ︖       ︵ᠲᠠᠬᠢᠯᠳᠠ︶     ᠮᠢᠨᠳᠠᠷ ᠶᠤ᠋ ᠴᠠᠭᠠᠨ ᠬᠠᠳᠠᠭ ᠲᠤᠨᠢ ᠴᠤ ᠪᠤᠯᠪᠠᠦ︖     ᠨᠢᠬᠳᠠ ᠶᠤ᠋ ᠯᠡ ᠰᠠᠶᠢᠬᠠᠨ ᠲᠠᠭᠠᠪᠤᠷᠢ  ᠳ᠋ᠤᠨᠢ‌‍ᠴᠤ ᠪᠤᠯᠪᠠᠦ︖       ︵ᠲᠠᠬᠢᠯᠳᠠ︶① ᠵᠢᠩᠨᠡᠬᠦᠷ — ᠴᠢᠩᠨᠡᠬᠦᠷ ᠭᠡᠰᠡᠨ ᠤᠷᠳᠤᠰ ᠦᠭᠡ᠃
ᠢᠷᠡᠯᠲᠡ᠄ ᠲᠣᠲᠣᠷᠬᠠᠢ ᠦᠭᠡᠢ