ᠵᠡᠭᠦᠡᠭᠠᠷ  ᠠᠷᠠᠳ  ᠤᠨ  ᠳᠠᠭᠤᠤ — ᠵᠢᠷᠭᠠᠯᠳᠠᠢ ᠲᠡᠯᠭᠡᠷ
ᠨᠡᠶᠢᠲᠡᠯᠡᠭᠰᠡᠨ ᠴᠠᠭ᠄
2018/4/24
ᠵᠢᠷᠭᠠᠯᠳᠠᠢ ᠲᠡᠯᠭᠡᠷ ᠵᠤᠨ ᠤ ᠲᠤᠮᠳᠠ ᠰᠠᠷ᠎ᠠ ᠳᠤ ᠵᠦᠢᠯ ᠤᠨ ᠴᠡᠴᠡᠭ ᠲᠡᠯᠭᠡᠷᠡᠨ ᠭᠡᠬᠦᠢ   ᠳᠡᠭᠡᠨ ᠬᠠᠯᠠᠭᠤᠬᠠᠨ ᠲᠤᠯᠠᠭᠠᠨ ᠨᠠᠭᠤᠷ ᠶᠤ᠋ ᠳᠠᠭᠠᠨ ᠬᠠᠩᠬᠢᠨᠠᠭᠠᠳ ᠲᠡᠷᠪᠡᠰᠬᠢᠭᠡᠳ ᠶᠠᠭᠤᠨ ᠳᠠᠭᠠᠨ ᠢᠷᠡᠪᠡᠦ  ᠳ᠋ᠤᠤ᠃     ᠬᠠᠭᠠᠨ ᠴᠤ ᠲᠠᠯᠠᠢ ᠬᠠᠭᠵᠠᠷᠠᠬᠤᠢ ᠳᠤ     ᠬᠠᠷ᠎ᠠ ᠶᠤ᠋ ᠮᠦᠰᠦ ᠬᠠᠶᠢᠯᠬᠤᠢ ᠳᠤ     ᠬᠠᠩᠬᠢᠨᠠᠭᠠᠳ ᠵᠢᠩᠬᠢᠨᠡᠭᠡᠳ ᠪᠠᠶᠢᠬᠤᠢ ᠳᠤ     ᠬᠠᠯᠢᠨ ᠲᠡᠬᠦᠯᠢᠭᠡᠳ ᠶᠠᠭᠤᠨ ᠳᠠᠭᠠᠨ ᠢᠷᠡᠪᠡᠦ  ᠳ᠋ᠤᠤ᠃ ᠵᠢᠷᠭᠠᠯᠳᠠᠢ ᠲᠡᠯᠭᠡᠷ ᠵᠤᠨ ᠤ ᠬᠠᠯᠠᠭᠤᠨ ᠳᠠᠭᠠᠨ ᠵᠦᠯᠭᠡᠨ ᠶᠤ᠋ ᠴᠡᠴᠡᠭ ᠵᠤᠵᠠᠭᠠᠨ ᠭᠡᠮᠡᠨ ᠵᠦᠯᠭᠡ ᠪᠠᠨ ᠬᠠᠭᠠᠬᠤ ᠦᠭᠡᠢ ᠶᠠᠭᠤᠨ ᠤ ᠭᠡᠮ ᠪᠤᠢ ᠵᠢᠷᠦᠭᠡ ᠶᠤ᠋ ᠰᠠᠨᠠᠭᠠᠨ ᠤ ᠦᠭᠡ ᠪᠠᠨ ᠭᠡᠯᠡ  ᠳ᠋ᠤᠤ᠃ ᠡᠷᠬᠢᠬᠦ ᠶᠤ᠋ ᠲᠦᠷᠪᠡᠨ ᠴᠠᠭ ᠤᠨ ᠤᠯᠠᠷᠢᠯ ᠳᠤ     ᠡᠭᠡᠭᠡᠮ᠎ᠠ ᠬᠠᠯᠠᠭᠤᠨ ᠵᠤᠨ ᠤ ᠰᠠᠷ᠎ᠠ ᠳᠤ     ᠡᠷᠳᠡ ᠶᠢᠨ ᠵᠢᠪᠠᠷ ᠰᠠᠯᠬᠢᠨ ᠢᠶᠠᠷ     ᠡᠰᠭᠡᠭᠰᠡᠨ ᠲᠤᠩᠭᠠᠯᠠᠭ ᠨᠠᠭᠤᠷ ᠲᠠᠭᠠᠨ ᠢᠷᠡᠨ᠎ᠠ᠃ ᠦᠨᠳᠦᠷ ᠠᠭᠤᠯᠠ ᠶᠢᠨ ᠤᠷᠤᠢ ᠲᠡᠭᠡᠷ᠎ᠠ ᠦᠪᠴᠢ ᠮᠠᠨᠠᠨ ᠲᠠᠳᠠᠵᠤ ᠪᠦᠷᠬᠦᠯ᠎ᠠ ᠰᠢᠦ ᠡᠷᠬᠢᠵᠤ ᠢᠷᠡᠬᠦ ᠬᠦᠢᠳᠡᠨ ᠤ ᠤᠷᠢᠳᠠ ᠡᠭᠡᠯᠢᠳᠡᠢ ᠲᠤᠯᠠᠭᠠᠨ ᠭᠠᠵᠠᠷ ᠲᠠᠭᠠᠨ ᠬᠠᠷᠢᠨ᠎ᠠ᠃     ᠠᠭᠠᠷᠠᠤ ᠽᠠᠨᠳᠠᠨ ᠬᠤᠨᠳᠠᠭᠠᠨ ᠳᠠᠭᠠᠨ     ᠠᠷᠢᠬᠢ ᠰᠠᠷᠬᠤᠳ ᠢᠶᠠᠨ ᠡᠷᠬᠦᠨ ᠪᠠᠷᠢᠵᠤ ᠠᠶᠠᠰᠯᠠᠨ ᠨᠡᠶᠢᠯᠡᠨ ᠬᠠᠮᠳᠤ ᠶᠤ᠋ ᠪᠠᠶᠢᠭᠰᠠᠭᠠᠷ ᠠᠪᠤ ᠲᠠᠨ ᠳᠠᠭᠠᠨ ᠲᠠᠭᠤᠯᠠᠨ ᠪᠠᠷᠢᠶ᠎ᠠ  ᠳ᠋ᠤᠤ᠃
ᠢᠷᠡᠯᠲᠡ᠄ 《 ᠵᠡᠭᠦᠡᠭᠠᠷ ᠤᠨ ᠠᠷᠠᠳ ᠤᠨ ᠳᠠᠭᠤᠤ》 ᠡᠴᠡ ᠪᠠᠭᠤᠯᠭᠠᠪᠠ