ᠵᠡᠭᠦᠡᠭᠠᠷ  ᠠᠷᠠᠳ  ᠤᠨ  ᠳᠠᠭᠤᠤ — ᠰᠤᠪᠤᠷᠭᠠᠨ ᠲᠠᠯ᠎ᠠ
ᠨᠡᠶᠢᠲᠡᠯᠡᠭᠰᠡᠨ ᠴᠠᠭ᠄
2018/4/24
ᠰᠤᠪᠤᠷᠭᠠᠨ ᠲᠠᠯ᠎ᠠ ᠪᠤᠢ ᠰᠠᠭᠤᠭᠠᠯᠢ ᠨᠤᠳᠤᠭ ᠶᠤᠮ ᠳ᠋ᠠ ᠰᠤᠷᠤᠭᠰᠠᠨ ᠪᠠᠭ᠎ᠠ ᠶᠢᠨ ᠵᠠᠩ ᠮᠠᠷᠳᠠᠵᠤ ᠪᠤᠯᠬᠤ ᠦᠭᠡᠢ ᠳ᠋ᠠ᠃     ᠪᠤᠷᠤ ᠲᠤᠯᠤᠭᠠᠢ ᠪᠤᠢ     ᠪᠤᠭᠤ ᠶᠢᠨ ᠪᠡᠯᠴᠢᠭᠡᠷ ᠶᠤᠮ     ᠪᠤᠳᠤᠭᠳᠠᠭᠠᠳ ᠪᠤᠯᠬᠤ ᠦᠭᠡᠢ ᠳᠤᠤ     ᠬᠤᠩᠭᠤᠷ ᠤᠨ ᠰᠡᠳᠬᠢᠯ ᠶᠤᠮ᠃ ᠪᠤᠩᠬᠤᠨ ᠲᠤᠯᠤᠭᠠᠢ ᠪᠤᠢ ᠪᠤᠭᠤ ᠶᠢᠨ ᠪᠡᠯᠴᠢᠭᠡᠷ ᠶᠤᠮ ᠪᠤᠳᠤᠭᠳᠠᠭᠠᠳ ᠪᠤᠯᠬᠤ ᠦᠭᠡᠢ  ᠳ᠋ᠤᠤ ᠭᠡᠨ   ᠳᠡᠭᠡᠨ ᠭᠡᠯᠡᠬᠦ ᠶᠤᠮ  ᠳ᠋ᠤᠤ︕     ᠰᠦᠮ᠎ᠠ ᠶᠢᠨ ᠬᠦᠷᠢᠶᠡᠨ   ᠳᠡᠭᠡᠨ     ᠬᠤᠶᠠᠷ ᠬᠠᠶᠢᠯᠠᠰᠦ ᠲᠠᠢ ᠶᠤᠮ     ᠰᠠᠨᠠᠭᠳᠠᠭᠠᠳ ᠪᠤᠯᠬᠤ ᠦᠭᠡᠢ  ᠳ᠋ᠤᠤ     ᠬᠤᠩᠭᠤᠷ ᠤᠨ ᠰᠡᠳᠬᠢᠯ ᠶᠤᠮ᠃ ᠰᠠᠷᠠ ᠮᠢᠨᠢ ᠰᠠᠷᠠᠭᠤᠯ ᠶᠤᠮ ᠳ᠋ᠠ ᠰᠠᠨᠠᠭᠠᠨ ᠤ ᠮᠢᠨᠢ ᠵᠠᠭᠠᠯ ᠶᠤᠮ ᠳ᠋ᠠ ᠰᠠᠨᠠᠭᠳᠠᠭᠠᠳ ᠪᠤᠯᠬᠤ ᠦᠭᠡᠢ ᠳᠤᠤ ᠭᠡᠨ   ᠳᠡᠭᠡᠨ ᠭᠡᠯᠡᠬᠦ ᠶᠤᠮ  ᠳ᠋ᠤᠤ᠃     ᠰᠤᠪᠤᠷᠭ᠎ᠠ ᠶᠢᠨ ᠲᠠᠯ᠎ᠠ ᠳᠠᠭᠠᠨ     ᠰᠤᠷᠤᠭᠰᠠᠨ ᠪᠠᠭ᠎ᠠ ᠶᠢᠨ ᠵᠠᠩ     ᠠᠪᠠᠯᠢ ᠡᠷ᠎ᠠ ᠮᠢᠨᠢ     ᠡᠶᠡᠳᠡᠢ ᠪᠠᠶᠢᠭᠰᠠᠨ ᠶᠤᠮ ᠳ᠋ᠠ᠃ ᠠᠪᠠᠯᠢ ᠡᠷ᠎ᠠ ᠡᠮ᠎ᠠ ᠳ᠋ᠠ ᠡᠶᠡᠳᠡᠢ ᠪᠠᠶᠢᠭᠰᠠᠨ ᠶᠤᠮ ᠳ᠋ᠠ ᠢᠯᠡᠬᠦᠦ ᠡᠮ᠎ᠠ ᠶᠢᠨ ᠢᠶᠠᠨ ᠦᠭᠡᠨ ᠳᠤ ᠤᠷᠤᠭᠰᠠᠨ ᠶᠤᠮ᠃     ᠡᠶᠡᠳᠡᠢ ᠪᠠᠶᠢᠯ᠎ᠠ  ᠳ᠋ᠤᠤ     ᠬᠤᠶᠢᠳᠠᠢ ᠮᠠᠭᠤᠳᠠᠯ᠎ᠠ ᠰᠢᠦ     ᠠᠶᠢᠯ ᠤᠨ ᠡᠮ᠎ᠠ ᠶᠢᠨ ᠢᠶᠠᠨ     ᠦᠭᠡᠨ ᠳᠤ ᠤᠷᠤᠭᠰᠠᠨ ᠶᠤᠮ᠃ ᠰᠠᠩ ᠢᠶᠠᠨ ᠲᠠᠯᠪᠢᠯ᠎ᠠ  ᠳ᠋ᠤᠤ ᠳᠤᠩ ᠢᠶᠠᠨ ᠲᠠᠳᠠᠯ᠎ᠠ  ᠳ᠋ᠤᠤ ᠭᠤᠮᠪᠤᠮ ᠤᠨ ᠭᠡᠭᠡᠨ   ᠳᠡᠭᠡᠨ ᠲᠠᠳᠠᠭᠠᠳ ᠮᠦᠷᠬᠦᠯ᠎ᠠ  ᠳ᠋ᠤᠤ᠃     ᠰᠠᠩ ᠢᠶᠠᠨ ᠲᠠᠯᠪᠢᠶ᠎ᠠ  ᠳ᠋ᠤᠤ     ᠲᠤᠩ ᠢᠶᠠᠨ ᠲᠠᠳᠠᠶ᠎ᠠ  ᠳ᠋ᠤᠤ     ᠰᠠᠷᠠᠴᠢᠨ ᠮᠠᠶᠢᠳᠠᠷ ᠲᠠᠭᠠᠨ     ᠮᠦᠷᠬᠦᠶᠦ ᠪᠠᠶᠢᠶᠦ  ᠳ᠋ᠤᠤ᠃ ᠰᠠᠩ ᠢᠶᠠᠨ ᠲᠠᠯᠪᠢᠯ᠎ᠠ  ᠳ᠋ᠤᠤ ᠲᠤᠩ ᠢᠶᠠᠨ ᠲᠠᠳᠠᠯ᠎ᠠ  ᠳ᠋ᠤᠤ ᠡᠵᠡᠨ ᠪᠤᠭᠳᠠ ᠳᠠᠭᠠᠨ ᠲᠠᠳᠠᠭᠠᠳ ᠮᠦᠷᠬᠦᠯ᠎ᠠ  ᠳ᠋ᠤᠤ᠃     ᠲᠤᠯᠤᠭᠠᠨ ᠲᠡᠮᠡᠭᠡᠨ   ᠳᠡᠭᠡᠨ     ᠠᠴᠢᠶ᠎ᠠ ᠪᠠᠨ ᠠᠴᠢᠯ᠎ᠠ  ᠳ᠋ᠤᠤ     ᠲᠠᠯᠠᠳ ᠤᠨ ᠬᠤᠰᠢᠭᠤᠨ ᠳᠠᠭᠠᠨ     ᠬᠠᠷᠢᠶᠦ ᠪᠠᠶᠢᠶᠦ  ᠳ᠋ᠤᠤ᠃ ᠠᠷᠪᠠᠨ ᠲᠡᠮᠡᠭᠡᠨ   ᠳᠡᠭᠡᠨ ᠠᠴᠢᠶ᠎ᠠ ᠪᠠᠨ ᠠᠴᠢᠯ᠎ᠠ  ᠳ᠋ᠤᠤ ᠠᠪᠤ ᠶᠢᠨ ᠵᠠᠮ ᠢᠶᠠᠷ ᠭᠠᠷᠶᠦ ᠪᠠᠶᠢᠶᠦ  ᠳ᠋ᠤᠤ᠃     ᠰᠤᠪᠤᠷᠭᠠᠨ ᠲᠠᠯ᠎ᠠ ᠪᠤᠢ     ᠰᠠᠭᠤᠯ ᠲᠠᠢ ᠭᠠᠵᠠᠷ ᠶᠤᠮ  ᠳ᠋ᠤᠤ     ᠲᠠᠯᠠᠳ ᠤᠨ ᠬᠤᠰᠢᠭᠤᠨ ᠳᠠᠭᠠᠨ     ᠬᠠᠷᠢᠶᠤ ᠪᠠᠶᠢᠶᠦ  ᠳ᠋ᠤᠤ᠃       ᠰᠤᠪᠤᠷᠭᠠᠨ ᠲᠠᠯ᠎ᠠ — ᠵᠡᠬᠦᠨᠭᠠᠷ ᠬᠤᠰᠢᠭᠤᠨ ᠤ ᠤᠳᠤ ᠶᠢᠨ ᠰᠢ ᠶᠢᠩ ᠽᠢ ᠰᠤᠮᠤ ᠶᠢᠨ ᠮᠤᠩᠭᠤᠯ ᠨᠡᠷ᠎ᠠ᠃
ᠢᠷᠡᠯᠲᠡ᠄ 《 ᠵᠡᠭᠦᠡᠭᠠᠷ ᠤᠨ ᠠᠷᠠᠳ ᠤᠨ ᠳᠠᠭᠤᠤ》 ᠡᠴᠡ ᠪᠠᠭᠤᠯᠭᠠᠪᠠ