ᠲᠡᠭᠷᠢ ᠴᠠᠭᠠᠨ ᠮᠠᠩᠬᠠᠨ ᠳᠠᠭᠠᠨ | ᠭᠤᠷᠪᠠᠨ ᠰᠠᠯᠠᠭᠠᠳᠠᠢ ᠵᠠᠮ ᠯᠡ ᠳ᠋ᠤᠤ | ᠲᠤᠮᠳᠠᠬᠢ ᠶᠢᠨ ᠵᠠᠮ ᠢᠶᠠᠷ ᠶᠠᠪᠤᠭᠰᠠᠭᠠᠷ | ᠮᠦᠩᠭᠡ ᠶᠤ᠋ ᠵᠤᠤ ᠶᠢᠨ ᠤᠷᠤᠨ ᠳᠠᠭᠠᠨ᠃ | ᠨᠠᠢᠮᠠᠨ ᠨᠠᠰᠤ ᠲᠠᠢ ᠪᠠᠨᠳᠢ ᠨᠢ | ᠨᠠᠢᠮᠠᠨ ᠨᠠᠰᠤᠨ ᠤ ᠢᠳᠡᠷ ᠲᠡᠭᠡᠨ | ᠨᠠᠢᠮᠠᠨ ᠨᠠᠰᠤᠨ ᠢᠶᠠᠷ ᠶᠠᠪᠤᠪᠠᠯ | ᠮᠦᠩᠭᠡ ᠵᠤᠦ ᠲᠡᠭᠡᠷ᠎ᠠ ᠬᠦᠷᠳᠡᠭ ᠶᠤᠮ᠃ | ᠬᠠᠳᠤᠨ ᠵᠠᠬ᠎ᠠ ᠪᠠᠷ ᠶᠠᠪᠤᠭᠰᠠᠨ ᠯᠡ ᠳ᠋ᠤᠤ | ᠭᠠᠯᠠᠭᠤ ᠶᠤ᠋ ᠰᠢᠪᠠᠭᠤ ᠶᠢ ᠦᠵᠡᠯ᠎ᠠ | ᠭᠠᠯᠠᠭᠤ ᠶᠤ᠋ ᠰᠢᠪᠠᠭᠤ ᠶᠢ ᠭᠠᠶᠢᠬᠠᠭᠰᠠᠭᠠᠷ | ᠭᠠᠵᠠᠷ ᠶᠤ᠋ ᠨᠤᠳᠤᠭ ᠮᠢᠨᠢ ᠰᠠᠨᠠᠭᠳᠠᠯ᠎ᠠ᠃ | ᠨᠠᠭᠤᠷ ᠤᠨ ᠵᠠᠬ᠎ᠠ ᠪᠠᠷ ᠶᠠᠪᠤᠯ᠎ᠠ | ᠨᠤᠭᠤᠰᠤ ᠶᠤ᠋ ᠰᠢᠪᠠᠭᠤ ᠶᠢ ᠦᠵᠡᠯ᠎ᠠ | ᠨᠤᠭᠤᠰᠤ ᠶᠤ᠋ ᠰᠢᠪᠠᠭᠤ ᠶᠢ ᠭᠠᠶᠢᠬᠠᠭᠰᠠᠭᠠᠷ | ᠨᠠᠭᠤᠷ ᠶᠤ᠋ ᠨᠤᠳᠤᠭ ᠮᠢᠨᠢ ᠡᠷᠢᠭ᠍ᠳᠡᠯᠠ᠃ | ᠴᠠᠭᠠᠨ ᠶᠤ᠋ ᠰᠤᠪᠤᠷᠭᠠᠨ ᠤ ᠡᠮᠦᠨ᠎ᠠ | ᠴᠠᠭᠠᠨ ᠶᠤ᠋ ᠴᠠᠰᠤᠨ ᠤ ᠡᠷᠳᠡᠨᠢ | ᠴᠠᠭᠠᠨ ᠶᠤ᠋ ᠪᠤᠭᠤᠷᠤᠯ ᠡᠵᠢ ᠶᠢᠨ ᠢᠶᠠᠨ | ᠠᠴᠢ ᠯᠡ ᠶᠠᠭᠤ ᠶᠢ ᠬᠠᠷᠢᠭᠤᠯᠤᠭᠰᠠᠨ ᠦᠭᠡᠢ᠃ | ᠨᠤᠭᠤᠭᠠᠨ ᠶᠤ᠋ ᠰᠤᠪᠤᠷᠭᠠᠨ ᠤ ᠡᠮᠦᠨ᠎ᠠ | ᠨᠤᠭᠤᠭᠠᠨ ᠶᠤ᠋ ᠤᠭ᠍ᠶᠤ ᠡᠷᠳᠡᠨᠢ | ᠨᠤᠮ ᠶᠤ᠋ ᠵᠢᠭᠠᠭᠰᠠᠨ ᠪᠠᠭᠰᠢ ᠯᠠᠮᠠ ᠶᠢᠨ ᠢᠶᠠᠨ | ᠠᠴᠢ ᠯᠡ ᠶᠠᠭᠤ ᠶᠢ ᠬᠠᠷᠢᠭᠤᠯᠤᠭᠰᠠᠨ ᠦᠭᠡᠢ᠃ | ᠰᠢᠷ᠎ᠠ ᠶᠤ᠋ ᠬᠤᠳᠠ ᠶᠢᠨ ᠡᠮᠦᠨ᠎ᠠ | ᠱᠠᠭᠵᠢ ᠲᠤᠸᠠ ᠶᠢ ᠦᠵᠡᠯ᠎ᠠ | ᠱᠠᠬᠵᠢ ᠲᠤᠸᠠ ᠶᠢ ᠨᠢ ᠭᠠᠶᠢᠬᠠᠭᠰᠠᠭᠠᠷ | ᠰᠢᠷ᠎ᠠ ᠶᠢᠨ ᠱᠠᠵᠢᠨ ᠡᠷᠢᠭ᠍ᠳᠡᠯᠠ᠃ | ᠪᠤᠷᠤ ᠶᠤ᠋ ᠬᠤᠳᠠ ᠶᠢᠨ ᠴᠢᠨᠢ ᠡᠮᠦᠨ᠎ᠠ | ᠪᠤᠷᠤ ᠶᠤ᠋ ᠨᠤᠮ ᠤᠨ ᠭᠡᠷᠡᠯ ᠳᠤ | ᠪᠤᠭᠳᠠ ᠶᠤ᠋ ᠡᠵᠡᠨ ᠤ ᠪᠠᠨ ᠢᠪᠡᠭᠡᠯ ᠢᠶᠠᠷ | ᠪᠤᠮ ᠲᠦᠮᠡᠨ ᠰᠤᠶᠤᠷᠬᠠᠬᠤ ᠶᠠ ᠪᠤᠯᠪᠠᠦ︕ |