ᠪᠤᠷᠤ ᠶᠤ᠋ ᠲᠤᠬᠤᠢ ᠶᠢᠨ ᠠᠮᠢᠳᠠᠨ | ᠪᠤᠶᠠᠨᠳᠠᠢ ᠯᠡ ᠲᠦᠷᠦᠭᠰᠡᠨ ᠠᠮᠢᠳᠠᠨ | ᠪᠤᠭᠳᠠ ᠶᠤ᠋ ᠡᠵᠡᠨ ᠤ ᠪᠠᠨ ᠦᠷᠦᠰᠢᠶᠡᠯ ᠳᠤ | ᠦᠨᠡᠭᠡᠷ ᠰᠠᠶᠢᠬᠠᠨ ᠠᠮᠢᠳᠠᠨ᠃ | ᠰᠠᠶᠢᠯᠤᠷ ᠬᠤᠸᠠᠷ ᠮᠢᠨᠢ | ᠪᠠᠭ᠎ᠠ ᠶᠢᠨ ᠰᠤᠷᠤᠭᠰᠠᠨ ᠵᠠᠩ᠃ | ᠭᠤᠤᠯ ᠶᠤ᠋ ᠲᠤᠬᠤᠢ ᠶᠢᠨ ᠠᠮᠢᠳᠠᠨ | ᠭᠤᠶᠤ ᠯᠡ ᠲᠦᠷᠦᠭᠰᠡᠨ ᠠᠮᠢᠳᠠᠨ | ᠭᠤᠷᠪᠠᠨ ᠶᠤ᠋ ᠡᠷᠳᠡᠨᠢ ᠶᠢᠨ ᠦᠷᠦᠰᠢᠶᠡᠯ ᠳᠤ | ᠭᠤᠶᠤᠬᠠᠨ ᠰᠠᠶᠢᠬᠠᠨ ᠠᠮᠢᠳᠠᠨ᠃ | ︵ᠲᠠᠬᠢᠯᠳᠠ︶ | ᠴᠠᠭᠠᠨ ᠶᠤ᠋ ᠰᠤᠪᠤᠷᠭᠠᠨ ᠤ ᠡᠩᠭᠡᠷ ᠲᠤ | ᠴᠠᠭᠠᠨ ᠶᠤ᠋ ᠬᠤᠪᠠ ᠡᠷᠳᠡᠨᠢ | ᠴᠠᠭᠠᠨ ᠤᠭᠤᠷᠠᠭ ᠢᠶᠠᠷ ᠢᠶᠠᠨ ᠦᠰᠭᠡᠭᠰᠡᠨ | ᠡᠨᠡᠷᠢᠯᠳᠦ ᠰᠠᠶᠢᠬᠠᠨ ᠡᠵᠢ ᠯᠡ ᠮᠢᠨᠢ᠃ | ︵ᠲᠠᠬᠢᠯᠳᠠ︶ | ᠨᠤᠭᠤᠭᠠᠨ ᠰᠤᠪᠤᠷᠭᠠᠨ ᠤ ᠡᠩᠭᠡᠷ ᠲᠤ | ᠨᠤᠭᠤᠭᠠᠨ ᠶᠤ᠋ ᠬᠤᠪᠠ ᠡᠷᠳᠡᠨᠢ | ᠨᠤᠮ ᠦᠰᠦᠭ ᠢᠶᠠᠷ ᠪᠦᠷᠢᠳᠦᠭᠰᠡᠨ | ᠡᠷᠳᠡᠮ ᠰᠠᠶᠢᠬᠠᠨ ᠪᠠᠭᠰᠢ ᠯᠡ ᠮᠢᠨᠢ᠃ | ︵ᠲᠠᠬᠢᠯᠳᠠ︶ |