ᠲᠡᠮᠦᠷ ᠲᠡᠷᠭᠡ ᠳᠡᠭᠡᠨ ᠰᠠᠭᠤᠶ᠎ᠠ ᠭᠡᠯ᠎ᠠ ᠳ᠋ᠤᠤ ᠠᠢ ᠳ᠋ᠠ ᠭᠦ᠋ | ᠲᠦᠮᠡᠳ ᠤᠨ ᠲᠠᠯ᠎ᠠ ᠳᠠᠭᠠᠨ ᠬᠠᠷᠢᠶ᠎ᠠ ᠭᠡᠯ᠎ᠠ ᠳ᠋ᠤᠤ᠃ | ᠮᠤᠳᠤᠨ ᠲᠡᠷᠭᠡ ᠳᠡᠭᠡᠨ ᠰᠠᠭᠤᠶ᠎ᠠ ᠭᠡᠯ᠎ᠠ ᠳ᠋ᠤᠤ ᠠᠢ ᠳ᠋ᠠ ᠭᠦ᠋ | ᠮᠤᠩᠭᠤᠯ ᠤᠨ ᠨᠤᠳᠤᠭ ᠲᠠᠭᠠᠨ ᠬᠠᠷᠢᠶ᠎ᠠ ᠭᠡᠰᠡᠨ ᠳ᠋ᠤᠤ᠃ | ᠠᠷᠪᠠᠨ ᠲᠠᠪᠤᠨ ᠤ ᠰᠠᠷ᠎ᠠ | ᠠᠷᠪᠠᠨ ᠲᠠᠪᠤᠨ ᠤ ᠰᠠᠷ᠎ᠠ ᠨᠢ ᠪᠦᠮᠪᠦᠷ ᠮᠢᠨᠢ | ᠠᠯᠳᠠ ᠰᠦᠮᠪᠦᠷ ᠤᠨ ᠳ᠋ᠧᠩᠯᠦ ᠪᠤᠢ ᠪᠦᠮᠪᠦᠷ ᠮᠢᠨᠢ᠃ | ᠴᠠᠭᠠᠨ ᠱᠠᠭᠠᠵᠠᠩ ᠴᠤᠩᠬᠤᠨ ᠲᠡᠭᠡᠷ᠎ᠠ ᠪᠦᠮᠪᠦᠷ ᠮᠢᠨᠢ | ᠴᠠᠭᠠᠨ ᠰᠠᠨᠠᠭ᠎ᠠ ᠴᠢᠮ᠎ᠠ ᠲᠡᠭᠡᠷ᠎ᠠ ᠪᠦᠮᠪᠦᠷ ᠮᠢᠨᠢ᠃ | ᠮᠠᠨ ᠤ ᠵᠤᠯᠢᠬ ᠵᠢᠭᠳᠡᠢ ᠪᠤᠢ ᠪᠦᠮᠪᠦᠷ ᠮᠢᠨᠢ | ᠮᠦᠩᠬᠦ ᠵᠤᠭᠤᠰ ᠭᠡᠷᠡᠭᠳᠡᠢ ᠪᠤᠢ ᠪᠦᠮᠪᠦᠷ ᠮᠢᠨᠢ᠃ | ᠮᠠᠨ ᠤ ᠨᠤᠬᠠᠢ ᠵᠠᠭᠤᠳᠠᠭ ᠪᠤᠢ ᠪᠦᠮᠪᠦᠷ ᠮᠢᠨᠢ | ᠮᠠᠪᠠᠩ ᠲᠠᠰᠢᠭᠤᠷ ᠭᠡᠷᠡᠭᠳᠡᠢ ᠪᠤᠢ ᠪᠦᠮᠪᠦᠷ ᠮᠢᠨᠢ᠃ | ᠮᠠᠨ ᠤ ᠡᠬᠦᠳᠡ ᠲᠠᠭᠤ ᠲᠠᠢ ᠪᠤᠢ ᠪᠦᠮᠪᠦᠷ ᠮᠢᠨᠢ | ᠮᠠᠭᠠᠵᠢ ᠶᠢᠨ ᠲᠤᠰᠤ ᠭᠡᠷᠡᠭᠳᠡᠢ ᠪᠤᠢ ᠪᠦᠮᠪᠦᠷ ᠮᠢᠨᠢ᠃ | ᠮᠠᠨ ᠤ ᠭᠡᠦᠭᠡᠨ ᠵᠢᠰᠦ ᠲᠠᠢ ᠪᠤᠢ ᠪᠦᠮᠪᠦᠷ ᠮᠢᠨᠢ | ᠮᠠᠩᠨᠤᠭ ᠲᠤᠷᠭ᠎ᠠ ᠲᠤ ᠲᠤᠷᠠᠳᠠᠢ ᠪᠤᠢ ᠪᠦᠮᠪᠦᠷ ᠮᠢᠨᠢ | ᠮᠠᠨ ᠤ ᠭᠡᠦᠭᠡᠳ ᠬᠤᠪᠴᠢ ᠪᠤᠢ ᠪᠦᠮᠪᠦᠷ ᠮᠢᠨᠢ | ᠮᠠ ᠲᠠᠩ ᠰᠢᠬᠢᠷ ᠲᠤ ᠲᠤᠷᠠᠳᠠᠢ ᠪᠤᠢ ᠪᠦᠮᠪᠦᠷ ᠮᠢᠨᠢ᠃ |