ᠵᠡᠭᠦᠡᠭᠠᠷ ᠠᠷᠠᠳ  ᠤᠨ ᠳᠠᠭᠤᠤ — ᠬᠠᠷ᠎ᠠ ᠽᠠᠨᠳᠠᠨ ᠡᠷᠢᠭᠡ
ᠨᠡᠶᠢᠲᠡᠯᠡᠭᠰᠡᠨ ᠴᠠᠭ᠄
2018/4/23
ᠮᠠᠨᠠᠷᠠᠵᠤ ᠬᠠᠷᠠᠭᠳᠠᠨ᠎ᠠ ᠠᠢ ᠮᠠᠨ ᠤ ᠯᠡ ᠨᠤᠳᠤᠭ ᠰᠢᠦ ᠮᠡᠯᠮᠡᠷᠡᠬᠦᠯᠦᠭᠡᠳ ᠰᠠᠭᠤᠨ᠎ᠠ ᠭᠡᠭᠴᠢ ᠶᠠᠭᠤᠨ ᠤ ᠪᠠᠨ ᠤᠶᠢᠯᠠᠷ ᠶᠤᠮ ᠳ᠋ᠠ᠃     ᠬᠦᠭᠡᠷᠡᠵᠤ ᠬᠠᠷᠠᠭᠳᠠᠨ᠎ᠠ ᠠᠢ     ᠬᠦᠮᠦᠨ ᠤ ᠯᠡ ᠨᠤᠳᠤᠭ ᠰᠢᠦ     ᠬᠦᠮᠦᠨ ᠤ ᠬᠦᠦ ᠲᠤᠳᠤᠷ᠎ᠠ ᠪᠠᠨ ᠴᠤ     ᠪᠤᠳᠤᠯᠭ᠎ᠠ ᠲᠠᠢ ᠯᠡ ᠶᠤᠮ᠃ ᠬᠠᠷᠠᠭᠳᠠᠭᠠᠳ ᠯᠡ ᠪᠠᠶᠢᠬᠤ ᠶᠤᠮ ᠠᠢ ᠬᠠᠷᠠᠭᠳᠠᠭᠠᠳ ᠯᠡ ᠪᠠᠶᠢᠬᠤ ᠶᠤᠮ ᠬᠠᠷ᠎ᠠ ᠽᠠᠨᠳᠠᠨ ᠡᠷᠢᠭᠡ ᠶᠢᠨ ᠭᠤᠤᠯ   ᠳᠠᠭᠠᠨ ᠰᠢᠩᠭᠡᠭᠡᠳ ᠠᠪᠤᠭᠰᠠᠨ ᠶᠤᠮ᠃     ᠪᠤᠳᠤᠭᠳᠠᠭᠠᠳ ᠯᠡ ᠪᠠᠶᠢᠬᠤ ᠶᠤᠮ ᠠᠢ     ᠪᠤᠳᠤᠭᠳᠠᠭᠠᠳ ᠯᠡ ᠪᠠᠶᠢᠬᠤ ᠶᠤᠮ     ᠪᠤᠳᠢ ᠽᠠᠨᠳᠠᠨ ᠡᠷᠢᠭᠡ ᠶᠢᠨ ᠭᠤᠤᠯ   ᠳᠠᠭᠠᠨ     ᠰᠢᠩᠭᠡᠭᠡᠳ ᠠᠪᠤᠭᠰᠠᠨ ᠶᠤᠮ᠃ ᠰᠠᠨᠠᠭᠳᠠᠭᠠᠳ ᠯᠡ ᠪᠠᠶᠢᠬᠤ ᠶᠤᠮ ᠠᠢ ᠰᠠᠨᠠᠭᠳᠠᠭᠠᠳ ᠯᠡ ᠪᠠᠶᠢᠬᠤ ᠶᠤᠮ ᠰᠠᠩᠨᠠᠢ ᠶᠢᠨ ᠪᠠᠨ ᠱᠢᠷᠦ ᠶᠢᠨ ᠭᠤᠤᠯ   ᠳᠠᠭᠠᠨ ᠰᠢᠩᠭᠡᠭᠡᠳ ᠠᠪᠤᠭᠰᠠᠨ ᠶᠤᠮ᠃     ᠡᠷᠢᠭ᠍ᠳᠡᠭᠡᠳ ᠯᠡ ᠪᠠᠶᠢᠬᠤ ᠶᠤᠮ ᠠᠢ     ᠡᠷᠢᠭ᠍ᠳᠡᠭᠡᠳ ᠯᠡ ᠪᠠᠶᠢᠬᠤ ᠶᠤᠮ     ᠡᠩᠭᠡᠷ ᠤᠨ ᠢᠶᠠᠨ ᠲᠤᠪᠴᠢ ᠰᠢᠯᠪᠢᠨ   ᠳᠡᠭᠡᠨ     ᠰᠢᠩᠭᠡᠭᠡᠳ ᠠᠪᠤᠭᠰᠠᠨ ᠶᠤᠮ᠃ ᠶᠠᠪᠤᠶ᠎ᠠ ᠭᠡᠰᠡᠨ  ᠳ᠋ᠤᠤ ᠠᠢ ᠶᠠᠪᠤᠶ᠎ᠠ ᠭᠡᠰᠡᠨ  ᠳ᠋ᠤᠤ ᠶᠠᠮᠤᠨ ᠨᠤᠶᠠᠨ ᠤ ᠵᠠᠬᠢᠶ᠎ᠠ ᠵᠠᠷᠯᠢᠬ ᠶᠠᠮᠠᠷ ᠰᠦᠷᠡᠭᠡᠢ ᠬᠠᠳᠠᠭᠤ ᠯᠡ  ᠳ᠋ᠤᠤ᠃    ᠮᠡᠯᠮᠡᠷᠡᠬᠦᠯᠬᠦ ᠪᠠᠨ ᠪᠠᠶᠢᠭ ᠳ᠋ᠠ  ᠭᠦ᠋ ᠠᠢ     ᠮᠡᠯᠮᠡᠷᠡᠬᠦᠯᠬᠦ ᠪᠠᠨ ᠪᠠᠶᠢᠬ ᠳ᠋ᠠ  ᠭᠦ᠋     ᠮᠠᠨᠳᠦ ᠰᠠᠶᠢᠬᠠᠨ ᠢᠶᠠᠷ ᠪᠠᠶᠢᠭᠰᠠᠨ ᠬᠤᠶᠢᠭᠤᠷ     ᠵᠤᠯᠭᠠᠬᠤ ᠪᠠᠶᠢᠯᠬᠦᠢ  ᠳ᠋ᠤᠤ᠃ ᠠᠰᠬᠠᠷᠠᠭᠤᠯᠬᠤ ᠪᠠᠨ ᠪᠠᠶᠢᠭ ᠳ᠋ᠠ  ᠭᠦ᠋ ᠠᠢ ᠠᠰᠬᠠᠷᠠᠭᠤᠯᠬᠤ ᠪᠠᠨ ᠪᠠᠶᠢᠬ ᠳ᠋ᠠ  ᠭᠦ᠋ ᠠᠮᠤᠷ ᠰᠠᠶᠢᠬᠠᠨ ᠢᠶᠠᠷ ᠪᠠᠶᠢᠭᠰᠠᠨ ᠬᠤᠶᠢᠭᠤᠷ ᠠᠭᠤᠯᠵᠠᠬᠤ ᠪᠠᠶᠢᠯᠬᠦᠢ  ᠳ᠋ᠤᠤ᠃
ᠢᠷᠡᠯᠲᠡ᠄ 《 ᠵᠡᠭᠦᠡᠭᠠᠷ ᠤᠨ ᠠᠷᠠᠳ ᠤᠨ ᠳᠠᠭᠤᠤ》 ᠡᠴᠡ ᠪᠠᠭᠤᠯᠭᠠᠪᠠ