ᠵᠡᠬᠦᠨᠭᠠᠷ ᠵᠤᠤ ᠶᠢ ᠳᠦᠪᠡᠳ ᠢᠶᠠᠷ ᠭᠠᠳᠠᠨᠱᠠᠳᠷᠦ᠋ᠪᠳᠠᠷᠵᠠᠶᠢᠯᠢᠩ ᠭᠡᠵᠤ᠂ ᠮᠤᠩᠭᠤᠯ ᠢᠶᠠᠷ ᠵᠠᠷᠯᠢᠭ ᠢᠶᠠᠷ ᠰᠤᠶᠤᠷᠬᠠᠬᠰᠨ ᠡᠷᠳᠡᠨᠢ ᠪᠦᠷᠢᠳᠦᠭᠰᠡᠨ ᠭᠡᠶᠢᠳ ᠭᠡᠵᠤ | ᠂ ᠮᠢᠩ ᠤᠯᠤᠰ ᠤᠨ ᠦᠶ᠎ᠠ ᠳᠤ ᠮᠢ ᠪᠤᠤ ᠭᠡᠶᠢᠳ ᠭᠡᠮᠡᠨ᠂ ᠴᠢᠩ ᠤᠯᠤᠰ ᠤᠨ ᠦᠶ᠎ᠠ ᠳᠤ ᠪᠤᠤ ᠳᠠᠩ ᠭᠡᠶᠢᠳ ᠭᠡᠮᠡᠨ ᠨᠡᠷᠡᠶᠢᠳᠴᠤ ᠪᠠᠶᠢᠵᠠᠢ᠃ ᠵᠡᠬᠦᠨᠭᠠᠷ ᠵᠤᠤ | ᠪᠠᠯᠭᠠᠰᠤᠨ ᠳᠤ ᠪᠤᠢ᠃ ᠳᠡᠷᠡ ᠨᠢ ᠤᠷᠳᠤᠰ ᠲᠤ ᠦᠯᠡᠳᠡᠭᠳᠡᠵᠤ ᠪᠠᠶᠢᠭ᠎ᠠ ᠭᠡᠪᠴᠢᠶ᠎ᠠ ᠪᠠᠷ ᠬᠠᠮᠤᠭ ᠶᠡᠭᠡ᠂ ᠬᠠᠮᠠᠭᠠᠯᠠᠯᠳᠠ ᠨᠢ ᠬᠠᠮᠤᠭ ᠪᠦᠷᠢᠨ ᠪᠦᠳᠤᠨ ᠳᠦᠪᠡᠳ | ᠠᠴᠠ ᠤᠯᠠᠮᠵᠢᠯᠠᠬᠳᠠᠵᠤ ᠢᠷᠡᠭᠰᠡᠨ ᠪᠤᠷᠬᠠᠨ ᠱᠠᠰᠢᠨ ᠤ ᠭᠯᠦ᠋ᠭᠪᠠ ᠶᠢᠨ ᠰᠦᠮ᠎ᠠ ᠪᠤᠯᠤᠨ᠎ᠠ᠃ | | | ᠮᠢᠩ ᠤᠯᠤᠰ ᠤᠨ ᠲᠢᠶᠠᠨ ᠴᠢ ᠶᠢᠨ ᠬᠤᠶᠠᠳᠤᠭᠠᠷ ᠤᠨ ︵1622 ᠤᠨ︶ ᠳᠤ ᠠᠩᠬ᠎ᠠ ᠪᠠᠶᠢᠭᠤᠯᠤᠬᠳᠠᠨ᠂ ᠰᠡᠬᠦᠯᠡᠷ ᠨᠢ ᠮᠢᠩ ᠤᠯᠤᠰ᠂ ᠴᠢᠩ | ᠤᠯᠤᠰ᠂ ᠢᠷᠭᠡᠨ ᠤᠯᠤᠰ ᠤᠨ ᠦᠶ᠎ᠠ ᠪᠠᠷ ᠤᠯᠠᠨ ᠤᠳᠠᠭ᠎ᠠ ᠦᠷᠬᠦᠯᠵᠢᠯᠡᠨ ᠦᠷᠭᠡᠳᠭᠡᠨ ᠪᠠᠶᠢᠭᠤᠯᠵᠤ ᠰᠡᠯᠪᠢᠨ ᠵᠠᠰᠠᠵᠠᠢ᠂ ᠯᠠᠮᠠ ᠬᠤᠸᠠᠷᠠᠭ ᠤᠯᠠᠮ ᠠᠴᠠ | ᠤᠯᠠᠮ ᠤᠯᠠᠨ ᠪᠤᠯᠵᠤ᠂ ᠬᠠᠮᠤᠭ ᠠᠷᠪᠢᠨ ᠳᠠᠭᠠᠨ 2000 ᠭᠠᠷᠤᠢ ᠯᠠᠮᠠ ᠬᠤᠸᠠᠷᠠᠭ ᠲᠠᠢ ᠪᠤᠯᠤᠬᠰᠠᠨ ᠤᠳᠠᠭ᠎ᠠ ᠲᠠᠢ᠂ ᠰᠦᠮ᠎ᠠ ᠭᠡᠶᠢᠳ ᠤᠨ ᠡᠵᠡᠯᠡᠬᠦ | ᠳᠠᠯᠠᠪᠠᠢ ᠨᠢ 2000 ᠭᠠᠷᠤᠢ ᠮᠤ᠋ ᠳᠤ ᠬᠦᠷᠦᠭᠰᠡᠨ ᠪᠠᠶᠢᠨ᠎ᠠ᠃ ᠰᠦᠮ᠎ᠠ ᠳᠤᠳᠤᠷ᠎ᠠ ᠨᠢ ᠳᠤᠭᠠᠩ᠂ ᠪᠤᠷᠬᠠᠨ ᠤ ᠳᠤᠭᠠᠩ᠂ ᠳᠦᠷᠪᠡᠨ ᠶᠡᠭᠡ ᠰᠠᠬᠢᠭᠤᠯᠰᠤᠨ ᠤ | ᠰᠦᠮ᠎ᠠ᠂ ᠨᠤᠮ ᠳᠠᠯᠪᠢᠬᠤ ᠳᠤᠭᠠᠩ᠂ ᠪᠤᠷᠬᠠᠨ ᠤ ᠱᠠᠩ᠂ ᠨᠤᠶᠠᠨ ᠤ ᠱᠠᠩ᠂ ᠴᠠᠭᠠᠨ ᠰᠤᠪᠤᠷᠭ᠎ᠠ᠂ ᠤᠯᠠᠭᠠᠨ ᠰᠤᠪᠤᠷᠭ᠎ᠠ ᠵᠡᠷᠭᠡ 30 ᠭᠠᠷᠤᠢ ᠱᠠᠰᠢᠨ | ᠰᠤᠷᠳᠠᠬᠤᠨ ᠤ ᠭᠠᠵᠠᠷ ᠲᠠᠢ ᠪᠠᠶᠢᠵᠤ᠂ ᠨᠤᠮ ᠤᠨ ᠰᠤᠷᠭᠠᠯ ᠤᠨ ᠰᠤᠷᠭᠠᠭᠤᠯᠢ᠂ ᠱᠠᠰᠢᠨ ᠤ ᠶᠤᠰᠤ ᠶᠢᠨ ᠰᠤᠷᠭᠠᠭᠤᠯᠢ᠂ ᠪᠤᠷᠬᠠᠨ ᠤ ᠰᠤᠷᠭᠠᠯ ᠤᠨ | ᠰᠤᠷᠭᠠᠭᠤᠯᠢ ᠲᠠᠢ ᠪᠠᠶᠢᠳᠠᠭ᠃ ᠳᠡᠬᠦᠨ ᠤ ᠪᠠᠷᠢᠯᠭ᠎ᠠ ᠶᠢᠨ ᠭᠡᠪ ᠨᠠᠮᠪᠠ ᠨᠢ ᠤᠯᠠᠨ ᠠᠴᠠ ᠤᠨᠴᠠᠭᠠᠢ ᠪᠠᠶᠢᠵᠤ᠂ ᠪᠠᠶᠢᠷᠢᠯᠠᠭᠤᠯᠤᠯᠳᠠ ᠨᠢ ᠳᠡᠷᠢ ᠳᠡᠭᠰᠢ ᠪᠠᠶᠢᠳᠠᠭ᠂ | ᠮᠤᠩᠭᠤᠯ᠂ ᠬᠢᠳᠠᠳ᠂ ᠳᠦᠪᠡᠳ ᠪᠠᠷᠢᠯᠭ᠎ᠠ ᠶᠢᠨ ᠤᠷᠠᠯᠠᠯ ᠢ ᠠᠭᠤᠰᠬᠠᠵᠤ᠂ ᠨᠠᠷᠢᠨ ᠨᠢᠬᠳᠠ ᠤᠷᠠᠯᠠᠨ ᠵᠢᠷᠤᠬᠯᠠᠵᠤ᠂ ᠮᠤᠳᠤᠨ ᠰᠡᠶᠢᠯᠤᠮᠡᠯ᠂ ᠴᠢᠯᠠᠭᠤᠨ | ᠰᠡᠶᠢᠯᠤᠮᠡᠯ ᠨᠢ ᠭᠤᠶᠤ ᠰᠠᠶᠢᠬᠠᠨ ᠬᠢᠴᠡᠳᠡᠢ ᠶᠤᠮ᠂ ᠬᠤᠸᠠᠷ ᠴᠡᠴᠡᠭ᠂ ᠰᠢᠪᠠᠭᠤ ᠠᠮᠢᠳᠠᠨ᠂ ᠪᠤᠷᠬᠠᠨ ᠤ ᠦᠯᠢᠭᠡᠷ ᠳᠤᠮᠤᠭ ᠢ ᠠᠮᠢᠳᠤ ᠳᠦᠷᠰᠦᠯᠢᠭ | ᠵᠢᠷᠤᠬᠯᠠᠨ ᠢᠯᠡᠳᠭᠡᠵᠤ᠂ ᠤᠯᠤᠰ ᠤᠨ ᠭᠤᠤᠯᠳᠠᠯᠭ᠎ᠠ ᠲᠠᠢ ᠳᠡᠤᠭᠡᠨ ᠳᠤᠷᠠᠰᠬᠠᠯᠳᠤ ᠵᠤᠶᠢᠯ ᠤᠨ ᠬᠠᠮᠠᠭᠠᠯᠠᠯᠳᠠ ᠶᠢᠨ ᠨᠢᠭᠡᠴᠢ ᠪᠤᠯᠵᠠᠢ᠃ | |