ᠬᠠᠳᠤᠨ ᠭᠤᠤᠯ ᠤᠨ ᠳᠤᠮᠤ ᠬᠠᠪᠴᠢᠯ ᠤᠨ ᠵᠤᠭᠠᠴᠠᠯ ᠤᠨ ᠤᠷᠤᠨ
ᠨᠡᠶᠢᠲᠡᠯᠡᠭᠰᠡᠨ ᠴᠠᠭ᠄
2018/4/23

    ᠬᠠᠳᠤᠨ ᠭᠤᠤᠯ ᠤᠨ ᠳᠤᠮᠤ ᠬᠠᠪᠴᠢᠯ ᠤᠨ ᠵᠤᠭᠠᠴᠠᠯ ᠤᠨ ᠤᠷᠤᠨ ᠨᠢ ᠦᠪᠤᠷ ᠮᠤᠩᠭᠤᠯ ᠱᠠᠨ ᠰᠢ  ᠱᠠᠨᠰᠢ   ᠪᠠᠷ ᠦᠩᠭᠡᠷᠡᠬᠦ  ᠬᠠᠳᠤᠨ ᠭᠤᠤᠯ ᠤᠨ ᠳᠤᠮᠤ

ᠬᠠᠪᠴᠢᠯ ᠤᠨ ᠵᠡᠬᠦᠨᠭᠠᠷ ᠲᠠᠬᠢ ᠭᠡᠰᠡᠭ ᠢ ᠵᠢᠭᠠᠵᠤ᠂  ᠡᠨᠡᠬᠦ ᠬᠠᠪᠴᠢᠯ ᠨᠢ ᠦᠪᠡᠷᠮᠢᠴᠡ ᠤᠨᠴᠠᠯᠢᠭ ᠲᠠᠢ ᠪᠠᠶᠢᠵᠤ᠂ ᠦᠵᠡᠮᠵᠢ ᠨᠢ ᠤᠨᠴᠠ ᠶᠢᠨ ᠭᠤᠶᠢᠳᠠ ᠰᠠᠶᠢᠬᠠᠨ

ᠪᠠᠶᠢᠳᠠᠭ᠃ ᠬᠠᠪᠴᠢᠯ ᠤᠨ ᠳᠤᠳᠤᠷ᠎ᠠ ᠳᠠᠯ᠎ᠠ ᠳᠤ ᠪᠠᠶᠢᠷᠢᠯᠠᠬᠰᠠᠨ ᠬᠠᠭᠤᠴᠢᠨ ᠬᠤᠳᠠ ᠴᠠᠪᠴᠢᠮ᠎ᠠ ᠬᠠᠳᠠ ᠲᠠᠢ ᠪᠠᠷᠳᠠᠭᠠᠳᠤ ᠪᠤᠭᠤᠮᠳᠠ ᠳᠤ ᠰᠡᠬᠦᠶᠢᠨ ᠬᠠᠷᠠᠬᠳᠠᠵᠤ᠂

 ᠪᠠᠷᠠᠭᠤᠨ ᠰᠢᠶᠠ ᠶᠢᠨ ᠪᠠᠭᠤᠷᠢ ᠶᠢ ᠤᠯᠠᠨ ᠳᠤ ᠬᠠᠷᠠᠭᠤᠯᠤᠨ᠎ᠠ︔ ᠸᠠᠨ ᠵᠠᠢ ᠵᠢᠶᠠ ᠶᠢᠨ ᠰᠦᠷᠯᠢᠭ ᠦᠵᠡᠮᠵᠢ ᠨᠢ ᠡᠭᠴᠠ ᠠᠰᠬ᠎ᠠ ᠬᠠᠪᠴᠢᠯ ᠳᠤ ᠡᠳᠡᠭᠡᠳ ᠨᠢᠭᠡ  

ᠦᠵᠡᠮᠵᠢ ᠶᠢ ᠪᠦᠷᠢᠳᠦᠬᠦᠯᠤᠨ᠎ᠠ︔ ᠪᠤᠤ ᠽᠢ ᠲᠠ ᠶᠢᠨ ᠴᠢᠯᠠᠭᠤᠨ ᠤᠢ ᠨᠢ ᠰᠡᠬᠦᠶᠢᠯᠴᠡᠨ ᠬᠠᠷᠠᠬᠳᠠᠵᠤ᠂ ᠮᠤᠷᠤᠢ ᠰᠡᠷᠤᠢ ᠠᠭᠤᠯᠠᠨ ᠵᠠᠮ ᠨᠢ ᠠᠭᠤᠯᠠᠨ ᠬᠢᠷ᠎ᠠ ᠪᠠᠷ

ᠮᠤᠰᠬᠢᠷᠠᠯᠳᠤᠨ ᠤᠷᠢᠶᠠᠯᠳᠤᠵᠤ᠂  ᠳᠦᠭᠰᠢᠬᠦᠷᠢ ᠲᠠᠢ ᠮᠦᠷᠳᠡᠭᠡᠨ ᠰᠤᠨᠢᠬᠠᠨ ᠦᠵᠡᠮᠵᠢ ᠳᠠᠨ ᠤ ᠬᠠᠷᠠᠭ᠎ᠠ ᠶᠢ ᠪᠤᠯᠢᠶᠠᠨ᠎ᠠ᠃  ᠪᠤᠤ ᠽᠢ ᠲᠠ ᠶᠢᠨ ᠳᠡᠭᠡᠷ᠎ᠠ ᠳᠠᠯ᠎ᠠ

 ᠳᠤ ᠡᠷᠳᠡᠨ ᠤ ᠦᠶ᠎ᠠ ᠶᠢᠨ ᠴᠡᠷᠢᠭ ᠤᠨ ᠴᠠᠶᠢᠵᠠ ᠪᠤᠯᠬᠤ ᠼᠦᠢ ᠵᠢᠶᠠ ᠴᠠᠶᠢᠵᠠ ᠲᠠᠢ ᠪᠠᠶᠢᠵᠤ᠂  ᠴᠠᠶᠢᠵᠠ ᠶᠢᠨ ᠭᠡᠷᠡᠮ ᠬᠠᠨ᠎ᠠ ᠵᠢᠴᠢ ᠴᠠᠶᠢᠵᠠ ᠶᠢᠨ ᠡᠬᠦᠳᠡ ᠨᠢ

ᠡᠪᠳᠡᠭᠳᠡᠭᠡ ᠦᠭᠡᠢ ᠪᠦᠷᠢᠨ ᠪᠦᠳᠤᠨ ᠢᠶᠠᠷ ᠢᠶᠠᠨ ᠦᠯᠡᠳᠡᠨ᠂  ᠬᠠᠭᠤᠴᠢᠨ ᠴᠠᠶᠢᠵᠠ ᠶᠢᠨ ᠳᠤᠳᠤᠷᠠᠬᠢ ᠴᠢᠯᠠᠭᠤᠨ ᠭᠡᠷ ᠨᠢ ᠡᠷᠳᠡᠨ ᠤ ᠴᠠᠭ ᠦᠶ᠎ᠠ ᠶᠢ

ᠪᠤᠳᠤᠬᠳᠠᠭᠤᠯᠤᠨ᠂  ᠳᠤᠮᠳᠠᠳᠤ ᠶᠢᠨ ᠤᠯᠠᠮᠵᠢᠯᠠᠯᠳᠤ ᠬᠠᠭᠤᠴᠢᠨ ᠳᠤᠰᠬᠤᠨ ᠤ ᠦᠯᠡᠳᠡᠭᠳᠡᠯ ᠪᠤᠯᠵᠤ ᠬᠤᠴᠤᠷᠤᠬᠰᠠᠨ ᠪᠠᠶᠢᠨ᠎ᠠ᠃

   

    ᠠᠳᠡ ᠤᠷᠳᠤ ᠴᠠᠭᠠᠨ ᠭᠡᠷᠡᠮ ᠪᠤᠯᠤᠨ ᠬᠠᠳᠤᠨ ᠭᠤᠤᠯ ᠤᠨ ᠤᠴᠠᠷᠠᠬᠰᠠᠨ ᠭᠠᠵᠠᠷ ᠪᠠᠶᠢᠵᠤ᠂  ᠠᠳᠡ ᠮᠤᠩᠭᠤᠯ ᠤᠨ ᠳᠠᠯ᠎ᠠ ᠨᠤᠳᠤᠭ  ᠪᠤᠯᠤᠨ ᠰᠢᠷ᠎ᠠ

ᠬᠦᠷᠦᠰᠤᠳᠤ ᠦᠨᠳᠦᠷᠯᠢᠭ   ᠤᠨ ᠠᠭᠤᠯᠵᠠᠷ ᠭᠠᠵᠠᠷ ᠪᠤᠯᠤᠨ᠎ᠠ᠃

ᠢᠷᠡᠯᠲᠡ᠄ ᠲᠣᠲᠣᠷᠬᠠᠢ ᠦᠭᠡᠢ