ᠨᠠᠷᠠᠰᠤᠨ ᠸᠠᠩ ᠵᠤᠭᠠᠴᠠᠯ ᠤᠨ ᠤᠷᠤᠨ ᠤ ᠳᠦᠬᠦᠮ ᠳᠠᠨᠢᠯᠴᠠᠭᠤᠯᠭ᠎ᠠ
ᠨᠡᠶᠢᠲᠡᠯᠡᠭᠰᠡᠨ ᠴᠠᠭ᠄
2018/11/6
   

    ᠨᠠᠷᠠᠰᠤᠨ ᠸᠠᠩ ᠨᠢ ᠨᠠᠷᠠᠰᠤᠨ ᠪᠠᠯᠭᠠᠰᠤᠨ ᠤ ᠬᠢᠵᠠᠭᠠᠷ ᠳᠤᠳᠤᠷ᠎ᠠ ᠪᠠᠶᠢᠷᠢᠯᠠᠨ᠂  ᠤᠮᠠᠷᠠᠳᠤ ᠰᠦᠩ ᠤᠯᠤᠰ ᠤᠨ ᠱᠧᠨᠽᠦ᠋ᠩ ᠬᠠᠭᠠᠨ ᠤ ᠰᠢ ᠨᠢᠩ ᠤᠨ ᠦᠶ᠎ᠠ

 ᠳᠤ ᠠᠶᠠᠨᠳᠠᠭᠠᠨ ᠤᠷᠭᠤᠵᠤ᠂ ᠪᠠᠷᠤᠭ ᠮᠢᠩᠭᠠᠨ ᠵᠢᠯ ᠤᠨ ᠳᠡᠤᠭᠡ ᠲᠠᠢ  ᠪᠤᠯᠵᠠᠢ᠂ 25 ᠮᠧᠲᠷ ᠦᠨᠳᠤᠷ ᠪᠠᠶᠢᠵᠤ᠂  ᠳᠤᠮᠳᠠᠳᠤ ᠤᠯᠤᠰ ᠤᠨ ᠨᠠᠷᠠᠰᠤᠨ ᠮᠤᠳᠤᠨ ᠤ

ᠳᠤᠳᠤᠷ᠎ᠠ ᠠᠪᠤᠷᠭᠤ ᠨᠢ ᠪᠤᠯᠵᠤ᠂ ᠪᠤᠶᠢᠳᠠ ᠪᠦᠭᠯᠡᠬᠦᠦ ᠳᠠᠴᠢᠷ ᠬᠦᠷᠤᠰᠤᠨ ᠳᠡᠭᠡᠷ᠎ᠠ ᠭᠠᠭᠴᠠᠭᠠᠷ ᠢᠶᠠᠨ ᠰᠡᠬᠦᠶᠢᠨ ᠰᠦᠨᠳᠡᠷᠯᠡᠵᠤ ᠪᠠᠶᠢᠳᠠᠭ᠃   ᠨᠠᠷᠠᠰᠤᠨ ᠮᠤᠳᠤᠨ

 ᠤ ᠰᠠᠯᠠᠭ᠎ᠠ ᠨᠠᠮᠠᠭ᠎ᠠ ᠨᠢ ᠰᠠᠬᠤᠯᠢᠭ ᠵᠤᠵᠠᠭᠠᠨ ᠰᠦᠭᠯᠡᠶᠢᠨ᠂ ᠬᠤᠯᠠ ᠠᠴᠠ ᠰᠡᠬᠦᠶᠢᠨ ᠰᠦᠨᠳᠡᠷᠯᠡᠵᠤ᠂ ᠵᠡᠬᠦᠨᠭᠠᠷ ᠨᠤᠳᠤᠭ ᠤᠨ ᠬᠦᠷᠤᠰᠤᠨ ᠳᠡᠭᠡᠷ᠎ᠠ ᠳᠦᠷᠪᠡᠨ

ᠤᠯᠠᠷᠢᠯ ᠳᠤ ᠤᠨᠴᠠᠭᠠᠢ ᠦᠵᠡᠮᠵᠢ ᠶᠢ ᠪᠦᠷᠢᠳᠦᠬᠦᠯᠤᠨ᠎ᠠ᠃ ᠰᠠᠯᠬᠢ ᠬᠦᠳᠡᠯᠪᠡᠯ ᠨᠠᠷᠠᠰᠤᠨ ᠮᠤᠳᠤᠨ ᠤ ᠱᠤᠤᠬᠢᠶᠠᠨ ᠨᠢ ᠬᠤᠯᠠ  ᠭᠠᠵᠠᠷ ᠪᠤᠯᠳᠠᠯ᠎ᠠ ᠱᠤᠤᠬᠢᠨ

ᠰᠤᠨᠤᠰᠳᠠᠳᠠᠭ ᠶᠤᠮ᠃

    ᠢᠬᠴᠤᠷᠠᠨ ᠨᠤᠭᠤᠭᠠᠷᠠᠬᠤ ᠨᠠᠷᠠᠰᠤᠨ ᠸᠠᠩ ᠨᠢ ᠬᠠᠵᠠᠭᠤ ᠬᠠᠪᠢᠷᠭ᠎ᠠ ᠶᠢᠨ ᠳᠠᠴᠢᠷ ᠬᠦᠷᠤᠰᠤ ᠬᠤᠵᠢᠬᠢᠷ ᠠᠭᠤᠯᠠ ᠲᠠᠢ ᠢᠯᠡ ᠳᠤᠳᠤ ᠦᠵᠡᠮᠵᠢ ᠶᠢ

ᠪᠦᠷᠢᠳᠦᠬᠦᠯᠤᠨ᠂ ᠬᠦᠮᠤᠰ ᠲᠤ ᠤᠨᠴᠠ ᠶᠢᠨ ᠭᠠᠶᠢᠬᠠᠮᠰᠢᠭ ᠲᠠᠢ ᠰᠠᠨᠠᠬᠳᠠᠨ᠎ᠠ᠃ ᠳᠤᠰ ᠭᠠᠵᠠᠷ ᠤᠨ ᠤᠯᠠᠨ ᠳᠦᠮᠡᠨ ︽ᠬᠤᠪᠢᠯᠭᠠᠨ ᠮᠤᠳᠤ︾ ᠭᠡᠮᠡᠨ ᠳᠦᠷᠪᠡᠨ

ᠴᠠᠭ ᠢᠶᠠᠷ ᠰᠢᠳᠤᠵᠤ᠂ ᠤᠳᠠᠭᠠᠨ ᠵᠢᠯ ᠨᠤᠮ ᠤᠨ ᠳᠠᠭᠤᠨ ᠳᠠᠰᠤᠷᠠᠬᠰᠠᠨ ᠦᠭᠡᠢ ᠬᠦᠵᠢ ᠵᠤᠯᠠ   ᠶᠢᠨ ᠦᠨᠤᠷ ᠰᠡᠩᠬᠢᠨᠡᠭᠰᠡᠭᠡᠷ ᠢᠷᠡᠵᠡᠢ᠃  ᠨᠠᠷᠠᠰᠤᠨ ᠸᠠᠩ ᠨᠢ

ᠤᠳᠤᠬᠠᠨ ᠳᠤ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠳᠡᠰ ᠤᠨ ᠳᠤᠷᠠᠰᠬᠠᠯᠳᠤ ᠵᠤᠶᠢᠯ ᠤᠨ ᠬᠠᠮᠠᠭᠠᠯᠠᠯᠳᠠ ᠶᠢᠨ ᠨᠢᠭᠡᠴᠢ ᠪᠤᠯᠤᠬᠰᠠᠨ ᠪᠠᠶᠢᠨ᠎ᠠ᠃  

ᠢᠷᠡᠯᠲᠡ᠄ ᠲᠤᠰ ᠰᠦᠯᠵᠢᠶ᠎ᠡ