ᠵᠡᠬᠦᠨᠭᠠᠷ ᠵᠤᠤ ᠪᠠᠯᠭᠠᠰᠤᠨ ᠤ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2018/10/31
    ᠵᠡᠬᠦᠨᠭᠠᠷ ᠵᠤᠤ ᠪᠠᠯᠭᠠᠰᠤ ᠵᠡᠬᠦᠨᠭᠠᠷ ᠬᠤᠰᠢᠭᠤᠨ ᠤ ᠪᠠᠷᠠᠭᠤᠨ ᠬᠡᠰᠡᠭ ᠲᠤ ᠪᠠᠶᠢᠷᠢᠰᠢᠵᠦ᠂ ᠵᠡᠬᠦᠨᠰᠢ ᠪᠠᠨ  ᠬᠠᠷᠠᠵᠠᠳᠠᠢ ᠰᠢᠶᠠᠩ ᠪᠠᠯᠭᠠᠰᠤ᠂ ᠡᠮᠦᠨᠡᠰᠢ ᠪᠠᠨ ᠨᠠᠷᠡᠰᠦᠨ ᠪᠠᠯᠭᠠᠰᠤ ᠲᠠᠢ ᠵᠠᠯᠭᠠᠯᠳᠤᠵᠦ᠂ ᠪᠠᠷᠠᠭᠤᠨᠰᠢ ᠪᠠᠨ ᠡᠵᠡᠨ ᠬᠤᠷᠤᠭ᠎ᠠ ᠬᠤᠰᠢᠭᠤ᠂ ᠤᠮᠠᠷᠠᠰᠢ ᠪᠠᠨ ᠳ᠋ᠦᠡᠭᠱᠸᠡᠭ ᠳᠤᠭᠤᠷᠢᠬ ᠲᠠᠢ ᠨᠢᠭᠤᠷᠯᠠᠵᠤ ᠪᠤᠢ᠃ ᠪᠠᠯᠭᠠᠰᠤᠨ ᠤ ᠠᠷᠡᠳ ᠤᠨ ᠵᠠᠰᠠᠬ ᠤᠨ ᠤᠷᠳᠤᠨ ᠨᠢ ᠮᠢᠨ ᠾᠧ ᠨᠡᠶᠢᠭᠡᠮ ᠳᠤᠭᠤᠷᠢᠬ ᠲᠤ ᠰᠠᠭᠤᠷᠢᠰᠢᠵᠦ᠂ ᠵᠡᠬᠦᠨᠰᠢ ᠪᠠᠨ ᠵᠡᠬᠦᠨᠭᠠᠷ ᠬᠤᠰᠢᠭᠤᠨ ᠤ ᠳᠦᠪ ᠰᠢᠤᠸᠠᠢ ᠵᠢᠶᠠ ᠸᠠᠨ ᠪᠠᠯᠭᠠᠰᠤᠨ ᠠᠴᠠ 125 ᠺᠢᠯᠤᠮᠧᠲᠷ ᠵᠠᠢ ᠲᠠᠢ᠂ ᠪᠠᠷᠠᠭᠤᠨᠰᠢ ᠪᠠᠨ ᠤᠷᠳᠤᠰ ᠬᠤᠳᠠ ᠶᠢᠨ ᠬᠢᠶ᠎ᠡ ᠪᠠᠭᠰᠢ ᠳᠤᠭᠤᠷᠢᠬ ᠠᠴᠠ 50 ᠺᠢᠯᠤᠮᠧᠲᠷ ᠵᠠᠢ ᠲᠠᠢ᠃
ᠪᠤᠭᠤᠳᠤ ᠠᠴᠠ ᠹᠦ᠋ ᠬᠦ᠋ ᠬᠦᠷᠬᠦ ᠳᠠᠪᠬᠤᠷ ᠱ᠊‍ᠤᠭᠤᠮ ᠨᠢ ᠡᠮᠦᠨ᠎ᠡ ᠤᠮᠠᠷ᠎ᠡ ᠶᠢ ᠬᠤᠯᠪᠤᠵᠦ᠂ ᠪᠤᠭᠤᠳᠤ ᠠᠴᠠ  ᠰᠠᠶᠢᠨᠳᠤᠷ᠎ᠠ ᠬᠦᠷᠬᠦ ᠳᠠᠮᠤᠷ ᠵᠠᠮ ᠨᠢ ᠪᠠᠷᠠᠭᠤᠨ
ᠳᠠᠯ᠎ᠠ ᠪᠠᠷ ᠲᠠᠭᠠᠷᠢᠨ ᠦᠡᠭᠬᠡᠷᠡᠵᠤ᠂ ᠵᠡᠬᠦᠨᠭᠠᠷ ᠠᠴᠠ ᠳ᠋ᠦᠡᠭᠱᠸᠡᠭ ᠬᠦᠷᠬᠦ ᠳᠠᠮᠤᠷ ᠵᠠᠮ ᠪᠠ ᠬᠦᠬᠡᠬᠤᠳᠠ ᠠᠴᠠ ᠳ᠋ᠦᠡᠭᠱᠸᠡᠭ ᠬᠦᠷᠬᠦ ᠳᠠᠮᠤᠷ ᠵᠠᠮ ᠨᠢ ᠬᠢᠵᠠᠭᠠᠷ ᠢᠶᠠᠷ ᠳᠠᠮᠵᠢᠵᠤ᠂ ᠵᠡᠬᠦᠨᠭᠠᠷ ᠵᠤᠤ ᠵᠢᠭᠤᠯᠴᠢᠯᠡᠯ ᠤᠨ ᠳᠤᠰᠬᠠᠢ ᠱᠤᠭᠤᠮ ᠨᠢ ᠤᠷᠳᠤᠰ ᠬᠤᠳᠠ ᠶᠢᠨ ᠨᠢᠰᠬᠡᠯ ᠤᠨ ᠪᠠᠭᠤᠳᠠᠯ ᠤᠨ ᠲᠦᠷᠬᠡᠨ ᠬᠤᠷᠳᠤᠴᠠᠳᠤ ᠵᠠᠰᠠᠮᠠᠯ ᠵᠠᠮ ᠲᠠᠢ ᠵᠠᠯᠭᠠᠯᠳᠤᠵᠤ᠂ ᠭᠠᠵᠠᠷ ᠵᠦᠢ ᠶᠢᠨ ᠪᠠᠶᠢᠷᠢᠰᠢᠯ ᠨᠢ ᠳᠠᠪᠠᠭᠤᠯᠢᠬ᠂ ᠵᠠᠮ ᠬᠠᠷᠢᠯᠴᠠᠭ᠎ᠠ ᠨᠢ ᠮᠠᠰᠢ ᠳᠦᠬᠦᠮ ᠪᠢᠯᠡ᠃      ᠪᠠᠯᠭᠠᠰᠤᠨ ᠤ ᠶᠡᠷᠦᠩᠬᠡᠢ ᠳᠠᠯᠠᠪᠠᠢ  471.8 ᠬᠠᠪᠳᠠᠭᠠᠢ ᠳᠦᠷᠪᠡᠯᠵᠢᠨ ᠺᠢᠯᠤᠮᠧᠲᠷ᠂ ᠠᠭᠤᠷᠬᠠᠢ ᠶᠢᠨ ᠤᠷᠤᠨ ᠤ ᠲᠠᠯᠠᠪᠡᠢ ᠨᠢ 347.8  ᠬᠠᠪᠳᠠᠭᠠᠢ ᠲᠦᠷᠪᠡᠯᠵᠢᠨ ᠺᠢᠯᠤᠮᠧᠲᠷ ᠪᠠᠶᠢᠵᠦ᠂ ᠡᠬᠦᠨ ᠳᠤ ᠬᠤᠭᠤᠯᠠᠢ ᠭᠠᠵᠠᠷ 20% ᠶᠢ ᠡᠵᠡᠯᠡᠵᠦ᠂ ᠬᠢᠷ᠎ᠠ ᠲᠤᠪᠤᠴᠠᠭ ᠭᠠᠵᠠᠷ 45% ᠶᠢ  ᠡᠵᠡᠯᠡᠨ᠂ ᠨᠤᠷ᠎ᠠ ᠡᠯᠡᠰᠤᠨ ᠭᠠᠵᠠᠷ  ᠪᠤᠶᠤ  ᠬᠠᠭᠠᠰ  ᠨᠤᠷ᠎ᠠ  ᠡᠯᠡᠰᠦᠨ  ᠭᠠᠵᠠᠷ 35% ᠶᠢ ᠡᠵᠡᠯᠡᠵᠦ ᠪᠤᠢ᠃ ᠤᠷᠭᠤᠮᠠᠯ ᠤᠨ ᠪᠦᠷᠬᠦᠪᠴᠢ ᠨᠤᠷᠮ᠎ᠡ 65% ᠲᠤ ᠬᠦᠷᠴᠤ᠂ ᠳᠠᠷᠢᠶᠠᠨ ᠭᠠᠵᠠᠷ 56564 ᠮᠦ ︵ᠡᠬᠦᠨ ᠳᠤ ᠤᠰᠤᠨ ᠳᠠᠷᠢᠶ᠎ᠡ 5562 ᠮᠦ︶᠂ ᠤᠢᠢᠳᠤ ᠭᠠᠵᠠᠷ 19.7 ᠳᠦᠮᠡᠨ ᠮᠦ᠂ ᠲᠠᠯ᠎ᠠ ᠨᠤᠳᠤᠭ 28 ᠳᠦᠮᠡᠨ ᠮᠦ ᠪᠠᠶᠢᠵᠦ᠂  ᠡᠷᠳᠡᠨᠢ ᠰᠢᠰᠢ᠂ ᠳᠦᠮᠦᠰᠦ ᠪᠠ ᠲᠤᠰᠤᠯᠢᠭ ᠲᠠᠷᠢᠮᠠᠯ ᠢᠶᠠᠷ ᠭᠤᠤᠯᠳᠠᠭᠤᠯᠵᠦ  ᠂  ᠬᠠᠰᠢᠶᠠᠨ ᠳᠤ ᠪᠠᠶᠢᠭ᠎ᠠ ᠪᠤᠳᠠ ᠮᠠᠯ 2507 ᠳᠤᠯᠤᠭᠠᠢ᠂ ᠪᠤᠭ ᠮᠠᠯ  33374  ᠲᠤᠯᠤᠭᠠᠢ ᠪᠤᠢ᠃      ᠪᠦᠬᠦ ᠪᠠᠯᠭᠠᠰᠤᠨ ᠤ ᠬᠠᠷᠢᠶᠡᠨ ᠳᠤ 1 ᠨᠡᠶᠢᠬᠡᠮ ᠳᠤᠭᠤᠷᠢᠬ᠂ 8 ᠵᠠᠰᠠᠬ ᠵᠠᠬᠢᠷᠭᠠᠨ ᠤ ᠳᠤᠰᠬᠤᠨ᠂ 92 ᠳᠠᠷᠢᠶᠠᠯᠠᠩ ᠤᠨ ᠬᠤᠷᠰᠢᠶ᠎ᠠ ᠲᠠᠢ᠂ ᠡᠷᠦᠬᠡ ᠠᠮᠠ ᠶᠢᠨ ᠲᠠᠩᠰᠠᠨ ᠳᠤ ᠪᠠᠶᠢᠭ᠎ᠠ ᠨᠢ 5864 ᠡᠷᠦᠬᠡ᠂ 13381 ᠬᠦᠮᠦᠨ ᠪᠠᠶᠢᠵᠦ᠂ ᠡᠬᠦᠨ ᠳᠤ ᠴᠦᠬᠡᠨ ᠳᠤᠭᠠᠳᠤ ᠦᠨᠳᠦᠰᠦᠳᠡᠨ 1259 ᠬᠦᠮᠦᠨ ︵1201 ᠮᠤᠩᠭᠤᠯ ᠬᠦᠮᠦᠨ᠂ 2 ᠳᠦᠪᠡᠳ ᠬᠦᠮᠦᠨ᠂ 56 ᠪᠤᠰᠤᠳ ᠦᠨᠳᠦᠰᠦᠳᠡᠨ ᠤ ᠬᠦᠮᠦᠨ ᠠᠮᠠ︶ ᠲᠠᠢ  ᠪᠢᠯᠡ  ᠃ ᠪᠠᠯᠭᠠᠰᠤᠨ ᠤ ᠨᠠᠮ ᠤᠨ ᠬᠤᠷᠢᠶᠡᠨ ᠤ ᠬᠠᠷᠢᠶᠡᠨ ᠳᠤ 13 ᠨᠠᠮ ᠤᠨ ᠡᠬᠦᠷ᠂ 528 ᠳᠠᠩᠰᠠᠯᠠᠭᠤᠯᠤᠬᠰᠠᠨ ᠨᠠᠮ ᠤᠨ ᠬᠡᠰᠢᠬᠦᠨ ᠲᠠᠢ᠃ ᠪᠠᠯᠭᠠᠰᠤᠨ ᠳᠤᠭᠤᠷᠢᠬ ᠤᠨ ᠳᠦᠯᠦᠪᠵᠢᠬᠦᠯᠦᠭᠰᠡᠨ ᠪᠦᠳᠦᠬᠡᠨ ᠪᠠᠶᠢᠭᠤᠯᠤᠯᠳᠠ ᠶᠢᠨ ᠳᠠᠯᠠᠪᠠᠢ ᠨᠢ 3.65 ᠬᠠᠪᠳᠠᠭᠠᠢ ᠳᠦᠷᠪᠡᠯᠵᠢᠨ ᠮᠧᠲᠷ ᠪᠠᠶᠢᠵᠦ᠂ ᠳᠦᠯᠦᠪᠵᠢᠬᠦᠯᠦᠨ ᠰᠠᠭᠤᠯᠭᠠᠬᠤ ᠪᠠᠷ ᠪᠠᠶᠢᠭ᠎ᠠ ᠬᠦᠮᠦᠨ ᠠᠮᠠ 2 ᠳᠦᠮᠡ ᠪᠤᠢ     ᠵᠡᠬᠦᠨᠭᠠᠷ ᠵᠤᠤ ᠶᠢᠨ ᠳᠤᠪᠤᠴᠠᠬ ᠭᠤᠤ ᠵᠢᠯᠠᠭ᠎ᠠ ᠶᠢᠨ ᠳᠤᠤᠷ᠎ᠡ ᠨᠡᠬᠦᠷᠡᠰᠤ᠂ ᠭᠤᠤ ᠯᠢᠩ ᠰᠢᠷᠤᠢ ᠵᠡᠷᠬᠡ ᠠᠭᠤᠷᠬᠠᠢ ᠶᠢᠨ ᠡᠬᠢ ᠪᠠᠶᠠᠯᠢᠬ ᠡᠯᠪᠡᠭ ᠬᠠᠳᠠᠭᠠᠯᠠᠬᠳᠠᠵᠤ ᠪᠤᠢ᠃ ᠨᠡᠬᠦᠷᠡᠰᠦ ᠨᠢ ᠭᠤᠤᠯᠳᠠᠭᠤ ᠰᠢᠷ᠎ᠠ ᠲᠡᠮᠡᠬᠡᠳᠤ᠂ ᠤᠯᠠᠭᠠᠨᠬᠠᠳᠠ᠂ ᠬᠤᠸᠠ ᠵᠢᠶᠠᠨ᠂ ᠰᠧ ᠳ᠋ᠤᠤ ᠯᠢᠤ ᠪᠠ ᠲᠡᠨ ᠶᠤᠤ ᠯᠢᠶᠠᠩ ᠵᠡᠷᠬᠡ ᠳᠤᠰᠬᠤᠨ ᠳᠤ ᠳᠠᠷᠬᠠᠵᠤ᠂ ᠠᠭᠤᠷᠬᠠᠢ ᠨᠢ ᠳ᠋ᠥᠡᠭᠱᠸᠡᠭ ᠤᠨ ᠨᠡᠬᠦᠷᠡᠰᠤᠨ ᠠᠭᠤᠷᠬᠠᠢ ᠳᠤ ᠬᠠᠷᠢᠶᠠᠯᠠᠬᠳᠠᠵᠦ ᠪᠤᠢ᠃ ᠪᠠᠯᠭᠠᠰᠤᠨ ᠤ ᠬᠢᠵᠠᠭᠠᠷ ᠲᠤ ᠤᠷᠳᠤᠰ ᠬᠤᠳᠠ ᠶᠢᠨ ᠤᠳᠤᠬᠠᠨ ᠳᠤ ᠬᠡᠪᠴᠢᠶ᠎ᠡ ᠪᠠᠷ ᠬᠠᠮᠤᠬ ᠤᠨ ᠶᠡᠭᠡ᠂ ᠬᠠᠮᠤᠬ ᠤᠨ ᠪᠦᠷᠢᠨ ᠪᠦᠳᠦᠨ ᠬᠠᠳᠠᠭᠠᠯᠠᠬᠳᠠᠵᠦ ᠪᠠᠶᠢᠬᠤ ᠳᠦᠪᠡᠳ ᠤᠯᠠᠮᠵᠢᠯᠠᠯᠳᠤ ᠪᠤᠷᠬᠠᠨ ᠱᠠᠰᠢᠨ ᠤ ᠰᠦᠮ᠎ᠡ ᠬᠡᠶᠢᠳ ᠤᠨ ᠰᠦᠷᠦᠭᠵᠢᠯ ᠪᠤᠯᠬᠤ ᠵᠡᠬᠦᠨᠭᠠᠷ ᠵᠤᠤ · ᠪᠤᠤ ᠲᠠᠩ ᠬᠡᠶᠢᠳ ᠪᠤᠢ᠃ ᠵᠡᠬᠦᠨᠭᠠᠷ ᠵᠤᠤ ᠪᠠᠯᠭᠠᠰᠤᠨ ᠤ ᠨᠠᠷᠡᠶᠢᠳᠦᠯ ᠨᠢ ᠳᠤᠰ ᠰᠦᠮ᠎ᠡ ᠠᠴᠠ ᠢᠷᠡᠯᠳᠡ ᠲᠠᠢ ᠶᠤᠮ᠃ ᠰᠦᠮ᠎ᠡ ᠬᠡᠶᠢᠳ ᠢ ᠮᠢᠩ ᠤᠯᠤᠰ ᠤᠨ ᠲᠢᠶᠡᠨ ᠴᠢ ᠶᠢᠨ ᠬᠤᠶᠠᠳᠤᠭᠠᠷ ᠤᠨ ︵1622 ᠤᠨ︶ ᠳᠤ ᠠᠩᠬ᠎ᠠ ᠪᠠᠶᠢᠭᠤᠯᠵᠤ  ᠂ ᠤᠳᠤᠬᠠᠨ ᠪᠤᠯᠳᠠᠯ᠎ᠠ 400 ᠭᠠᠷᠤᠢ ᠵᠢᠯ ᠤᠨ ᠳᠡᠦᠬᠡ ᠲᠠᠢ ᠪᠠᠶᠢᠬᠰᠠᠭᠠᠷ᠃ 2013 ᠤᠨ ᠳᠤ ᠵᠡᠬᠦᠨᠭᠠᠷ ᠵᠤᠤ · ᠪᠤᠤ ᠲᠠᠩ ᠬᠡᠶᠢᠳ ᠨᠢ ᠤᠯᠤᠰ ᠤᠨ  ᠭᠤᠤᠯᠳᠠᠯᠭ᠎ᠠ ᠲᠠᠢ  ᠲᠡᠤᠬᠡ   ᠶᠢᠨ  ᠲᠤᠷᠠᠰᠬᠠᠯᠳᠤ ᠵᠦᠢᠯ ᠢ ᠬᠠᠮᠠᠭᠠᠯᠠᠬᠤ ᠪᠠᠶᠢᠭᠤᠯᠭ᠎ᠠ ᠨᠢᠬᠡᠴᠢ ᠪᠠᠷ ᠨᠡᠷᠡᠶᠢᠳᠦᠭᠳᠡᠪᠡ᠃
ᠢᠷᠡᠯᠲᠡ᠄ ᠲᠤᠰ ᠰᠦᠯᠵᠢᠶ᠎ᠡ