ᠱᠢ ᠡᠯ ᠯᠢᠶᠠᠨ ᠴᠸᠡᠭ ᠰᠢᠶᠠᠩ ᠤᠨ ᠳᠠᠨᠢᠯᠴᠠᠭᠤᠯᠭ᠎ᠠ
ᠨᠡᠶᠢᠲᠡᠯᠡᠭᠰᠡᠨ ᠴᠠᠭ᠄
2018/10/31
     ᠱᠢ ᠡᠯ ᠯᠢᠶᠠᠨ ᠴᠸᠡᠭ ᠰᠢᠶᠠᠩ ᠤᠨ ᠬᠢᠵᠠᠭᠠᠷ ᠲᠤ ᠡᠷᠳᠡᠨ ᠤ ᠬᠤᠳᠠ ᠶᠢᠨ ᠪᠠᠭᠤᠷᠢ ᠪᠠᠶᠢᠳᠠᠭ ᠠᠴᠠ ᠲᠡᠬᠡᠵᠦ ᠨᠡᠷᠡᠯᠡᠭᠳᠡᠵᠡᠢ᠃  ᠲᠤᠰ ᠰᠢᠶᠠᠩ ᠵᠡᠬᠦᠨᠭᠠᠷ ᠬᠤᠰᠢᠭᠤᠨ ᠤ ᠬᠠᠮᠤᠬ ᠬᠤᠶᠢᠳᠤ ᠬᠡᠰᠡᠭ ᠲᠤ ᠪᠠᠶᠢᠷᠢᠰᠢᠵᠦ᠂ ︽ᠬᠦᠬᠡᠬᠤᠳᠠ ᠪᠤᠭᠤᠳᠤ ᠤᠷᠳᠤᠰ︾ ᠤᠨ ᠵᠤᠬᠢᠴᠠᠩᠭᠤᠢ ᠬᠦᠭᠵᠢᠯᠳᠡ ᠶᠢᠨ ᠭᠤᠤᠯᠳᠠᠯᠭ᠎ᠠ ᠲᠠᠢ ᠪᠦᠰᠡ ᠪᠤᠯᠪᠠ᠃ ᠬᠢᠵᠠᠭᠠᠷ ᠢᠶᠠᠷ   ᠨᠢ ᠬᠠᠳᠤᠨ ᠭᠤᠤᠯ 64 ᠺᠢᠯᠤᠮᠧᠲᠷ ᠤᠷᠳᠤ ᠤᠷᠤᠰᠤᠨ ᠦᠡᠭᠬᠡᠷᠡᠵᠤ᠂ ᠬᠦᠪᠴᠢ ᠶᠢᠨ ᠡᠯᠡᠰᠦ ᠡᠮᠦᠨ᠎ᠡ ᠪᠡᠶ᠎ᠠ ᠪᠠᠷ ᠨᠢ ᠬᠦᠨᠳᠡᠯᠢᠰᠦᠨ ᠬᠡᠪᠳᠡᠨ᠎ᠠ᠃ ᠲᠡᠷᠡᠪᠡᠷ ᠪᠦᠬᠦ ᠬᠤᠰᠢᠭᠤᠨ ᠤ ᠴᠢᠬᠤᠯᠠ ᠠᠮᠤ ᠪᠤᠳᠠᠭᠠᠨ ᠤ ᠦᠢᠯᠡᠳᠪᠦᠷᠢᠯᠡᠯ ᠤᠨ ᠰᠠᠭᠤᠷᠢᠨ ᠭᠠᠵᠠᠷ ᠪᠠ ᠬᠦᠳᠡᠭᠡ ᠳᠤᠰᠬᠤᠨ ᠤ ᠬᠦᠮᠦᠨ ᠠᠮᠠ ᠨᠢᠬᠳᠠᠷᠠᠬᠰᠠᠨ ᠭᠠᠵᠠᠷ ᠤᠷᠤᠨ ᠪᠤᠯᠪᠠ᠃ ᠰᠢᠶᠠᠩ ᠤᠨ  ᠶᠡᠷᠦᠩᠬᠡᠢ ᠳᠡᠯᠡᠪᠡᠢ 695.85 ᠬᠠᠪᠳᠠᠭᠠᠢ ᠳᠦᠷᠪᠡᠯᠵᠢᠨ‌‍ᠺᠢᠯᠤᠮᠧᠲᠷ  ᠪᠠᠶᠢᠵᠦ᠂ ᠬᠠᠷᠢᠶᠡᠨ ᠳᠤ  ᠨᠢ 19 ᠵᠠᠰᠠᠬ ᠵᠠᠬᠢᠷᠭᠠᠨ ᠤ ᠳᠤᠰᠬᠤᠨ᠂ 1 ᠬᠦᠳᠡᠭᠡ ᠳᠤᠰᠬᠤᠨ ᠤ ᠨᠡᠶᠢᠬᠡᠮ ᠳᠤᠭᠤᠷᠢᠬ᠂ 152 ᠦᠢᠯᠡᠳᠪᠦᠷᠢᠯᠡᠯ ᠤᠨ ᠬᠤᠷᠰᠢᠶ᠎ᠠ ᠲᠠᠢ᠂ ᠪᠦᠬᠦ ᠬᠦᠮᠦᠨ ᠠᠮᠠ 2.5 ᠳᠦᠮᠡ ᠳᠤ ᠬᠦᠷᠪᠡ᠃ ᠭᠠᠵᠠᠷ ᠤᠷᠤᠨ ᠤ ᠦᠢᠯᠡᠳᠪᠦᠷᠢᠯᠡᠯ ᠤᠨ ᠶᠠᠷᠦᠩᠬᠡᠢ ᠦᠷᠳᠡᠭ 9.8 ᠳ᠋ᠦᠡᠭᠰᠢᠭᠤᠷ ᠳᠦᠬᠦᠷᠢᠭ ᠪᠠᠶᠢᠵᠦ᠂ ᠬᠦᠮᠦᠨ ᠲᠤᠮᠳᠠᠴᠢ GDP ᠨᠢ 39200 ᠳᠦᠬᠦᠷᠢᠭ᠂ ᠨᠡᠶᠢᠬᠡᠮ ᠤᠨ ᠳᠤᠬᠳᠠᠮᠠᠯ ᠬᠦᠷᠦᠩᠬᠡ ᠶᠢᠨ ᠪᠡᠯᠡ ᠤᠷᠤᠭᠤᠯᠤᠯᠳᠠ ᠶᠢᠨ 21.5 ᠳ᠋ᠦᠡᠭᠰᠢᠭᠤᠷ ᠳᠦᠬᠦᠷᠢᠭ ᠢ ᠪᠡᠶᠡᠯᠡᠬᠦᠯᠵᠦ᠂ ᠳᠠᠷᠢᠶᠠᠴᠢᠳ ᠤᠨ ᠳᠤᠬᠢᠷᠠᠭᠤᠯᠵᠤ ᠪᠤᠯᠬᠤ ᠤᠷᠤᠯᠭ᠎ᠠ ᠨᠢ 14760 ᠳᠦᠬᠦᠷᠢᠭ ᠲᠤ ᠬᠦᠷᠪᠡ᠃  ᠬᠢᠵᠠᠭᠠᠷ ᠲᠤᠳᠤᠷ᠎ᠠ ᠵᠠᠮ ᠬᠠᠷᠢᠯᠴᠠᠭ᠎ᠠ ᠳᠦᠬᠦᠮ᠂ ᠬᠦᠷᠦᠰᠦ ᠰᠢᠷᠤᠢ ᠦᠡᠭ ᠰᠢᠮᠡᠯᠢᠭ᠂ ᠤᠰᠤᠨ ᠤ ᠡᠬᠢ ᠰᠤᠷᠪᠤᠯᠵᠢ ᠬᠦᠢᠴᠡᠳ᠂ ᠡᠪᠡᠰᠦ ᠪᠡᠯᠴᠢᠬᠡᠷ ᠰᠠᠬᠤᠯᠢᠬ ᠪᠠᠶᠢᠵᠦ᠂ ᠦᠪᠡᠷᠳᠡᠬᠡᠨ ᠵᠠᠰᠠᠬᠤ ᠤᠷᠤᠨ ᠤ ᠤᠳᠤ ᠦᠶ᠎ᠡ ᠶᠢᠨ ᠮᠠᠯ ᠳᠠᠷᠢᠶᠠᠯᠠᠩ ᠪᠠ ᠰᠢᠨ᠎ᠡ ᠬᠦᠳᠡᠭᠡ ᠳᠤᠰᠬᠤᠨ ᠢ ᠪᠦᠳᠦᠬᠡᠨ ᠪᠠᠶᠢᠭᠤᠯᠤᠬᠰᠠᠨ ᠲᠤᠷᠰᠢᠯᠳᠠ ᠶᠢᠨ ᠴᠡᠭ ᠪᠤᠯᠤᠨ᠎ᠡ᠃
      ᠤᠢᠢᠷ᠎ᠡ ᠶᠢᠨ ᠵᠢᠯ ᠳᠤ᠂ ᠱᠢ ᠡᠯ ᠯᠢᠶᠠᠨ ᠴᠸᠡᠭ ᠰᠢᠶᠠᠩ ᠵᠠᠬᠦᠨᠭᠠᠷ ᠬᠤᠰᠢᠭᠤᠨ ᠤ ᠨᠠᠮ ᠤᠨ ᠬᠤᠷᠢᠶ᠎ᠡ᠂ ᠵᠠᠰᠠᠬ ᠤᠨ ᠤᠷᠳᠤᠨ ᠤ ᠰᠢᠢᠳᠪᠦᠷᠢᠳᠤ
ᠪᠤᠳᠤᠯᠭ᠎ᠠ ᠶᠢᠨ ᠪᠠᠶᠢᠷᠢᠯᠠᠭᠤᠯᠤᠯᠳᠠ ᠶᠢᠨ ᠳᠤᠭᠤᠷᠢᠨ ᠳᠤ᠂ ᠨᠠᠮ ᠤᠨ ᠪᠠᠶᠢᠭᠤᠯᠤᠯᠳᠠ ᠪᠠᠷ ᠨᠢᠬᠡᠳᠦᠯᠳᠡᠢ ᠳᠦᠯᠦᠪᠵᠢᠬᠦᠯᠦᠨ ᠲᠠᠶᠢᠴᠢᠯᠠᠨ ᠳᠠᠭᠠᠭᠤᠯᠬᠤ ᠦᠢᠯᠡᠳᠦᠯ ᠢᠶᠠᠨ ᠦᠨᠡᠨ ᠬᠦ ᠪᠠᠳᠠᠷᠠᠭᠤᠯᠤᠬᠰᠠᠭᠠᠷ ᠢᠷᠡᠵᠡᠢ᠃ ᠳᠠᠷᠢᠶᠠᠨ ᠭᠠᠵᠠᠷ ᠤᠨ ᠬᠦᠷᠢᠶ᠎ᠠ ᠴᠠᠷᠠᠭ᠎ᠠ᠂ ᠦᠢᠯᠡᠳᠪᠦᠷᠢᠯᠡᠯ ᠤᠨ ᠬᠦᠴᠦᠨ ᠤ ᠬᠢᠷᠢ ᠳᠦᠪᠰᠢᠨ᠂ ᠬᠦᠳᠡᠯᠮᠤᠷᠢ ᠬᠦᠴᠦᠨ ᠤ ᠬᠠᠨᠭ᠍ᠭᠠᠯᠭ᠎ᠠ ᠶᠢᠨ ᠪᠠᠶᠢᠳᠠᠯ ᠢ ᠶᠡᠷᠦᠩᠬᠡᠶᠢᠯᠠᠨ ᠵᠠᠳᠠᠯᠤᠬᠰᠠᠨ ᠰᠠᠭᠤᠷᠢᠨ ᠳᠡᠬᠡᠷ᠎ᠡ᠂ ᠪᠤᠬᠢᠷᠳᠤᠯ ᠦᠬᠡᠢ ᠤᠷᠭᠠᠨᠢᠬ ᠳᠠᠷᠢᠶᠠᠯᠠᠩ ᠤᠨ ᠪᠦᠳᠦᠭᠡᠭᠳᠡᠬᠦᠨ ᠢ ᠪᠤᠷᠤᠯᠠᠭᠤᠯᠬᠤ ᠰᠠᠭᠤᠷᠢᠨ ᠭᠠᠵᠠᠷ᠂ ᠬᠦᠳᠡᠭᠡ ᠳᠤᠰᠬᠤᠨ ᠤ ᠵᠢᠭᠤᠯᠴᠢᠯᠡᠯ ᠰᠡᠯᠡᠬᠦᠴᠡᠯ ᠤᠨ ᠵᠢᠮᠢᠰ ᠲᠡᠬᠦᠬᠦ ᠦᠵᠡᠮᠵᠢ ᠰᠤᠨᠢᠷᠬᠠᠬᠤ ᠰᠠᠭᠤᠷᠢᠨ ᠭᠠᠵᠠᠷ ᠢ  ᠪᠠᠶᠢᠭᠤᠬᠯᠤ ᠠᠴᠠ ᠭᠠᠷᠳᠡᠵᠤ᠂ ︽ᠳᠠᠪᠤ ᠶᠢ ᠨᠢᠬᠡ ᠴᠤᠭᠴᠠᠵᠢᠭᠤᠯᠬᠤ︾ ᠶᠡᠷᠦᠩᠬᠡᠢ ᠪᠠᠶᠢᠷᠢᠰᠢᠭᠤᠯᠤᠯᠳᠠ ᠶᠢ ᠨᠢᠬᠡᠳᠦᠯᠳᠡᠢ ᠳᠦᠯᠦᠪᠵᠢᠬᠦᠯᠦᠨ ᠠᠬᠢᠭᠤᠯᠵᠤ ᠂ ︽ᠳᠦᠷᠪᠡᠨ ᠪᠦᠬᠦ ᠳᠠᠯ᠎ᠠ︾ ᠶᠢᠨ ᠪᠠᠶᠢᠯᠳᠤᠬᠤ ᠪᠤᠳᠤᠯᠭ᠎ᠠ ᠶᠢᠨ ᠪᠠᠶᠢᠷᠢᠰᠢᠭᠤᠯᠤᠯᠳᠠ ᠶᠢ ᠵᠤᠬᠢᠴᠠᠩᠭᠤᠢ ᠠᠬᠢᠭᠤᠯᠪᠠ᠃ ᠵᠡᠬᠦᠨ ᠪᠡᠶ᠎ᠠ ᠶᠢᠨ ᠳᠦᠷᠪᠡᠨ ᠳᠤᠰᠬᠤᠨ ᠳᠤ᠂ ᠷᠠᠰᠢᠶᠡᠨ ᠵᠢᠭᠤᠯᠴᠢᠯᠡᠯ ᠤᠨ ᠦᠵᠡᠮᠵᠢ ᠶᠢᠨ ᠤᠷᠤᠨ ᠢᠶᠠᠷ ᠬᠦᠳᠡᠭᠡ ᠳᠤᠰᠬᠤᠨ ᠤ ᠵᠢᠭᠤᠯᠴᠢᠯᠡᠯ ᠤᠨ ᠦᠢᠯᠡᠰ ᠤᠨ ᠦᠷᠨᠢᠬᠦᠨ ᠬᠦᠭᠵᠢᠯᠳᠠ ᠶᠢ ᠳᠠᠶᠢᠴᠢᠯᠡᠵᠠᠢ︔ ᠡᠮᠦᠨ᠎ᠡ ᠪᠡᠶ᠎ᠠ ᠶᠢᠨ ᠭᠤᠷᠪᠡᠨ ᠳᠤᠰᠬᠤᠨ ᠳᠤ  ︽ᠲᠡᠵᠢᠬᠡᠬᠦ ᠶᠢᠨ ᠲᠦᠯᠦᠬᠡ ᠲᠠᠷᠢᠬᠤ︾᠂ ︽ᠳᠠᠷᠢᠬᠤ ᠳᠡᠵᠢᠬᠡᠬᠦ ᠶᠢ ᠤᠶᠠᠯᠳᠤᠭᠤᠯᠬᠰᠠᠨ︾ ᠲᠤᠮᠤ ᠳᠠᠷᠢᠶᠠᠯᠠᠩ ᠦᠢᠯᠡᠰ ᠢ ᠬᠦᠭᠵᠢᠬᠦᠯᠬᠦ ᠵᠠᠬᠪᠤᠷ ᠢ ᠢᠳᠡᠪᠬᠢᠳᠡᠢ ᠬᠠᠶᠢᠨ ᠰᠦᠪᠡᠭᠴᠢᠯᠡᠵᠤ᠂  ᠬᠡᠪᠴᠢᠶᠡᠵᠢᠭᠰᠡᠨ ᠳᠠᠷᠢᠮᠠᠯ ᠤᠨ ᠦᠢᠯᠡᠰ ᠪᠠ ᠤᠨᠴᠠᠯᠢᠬᠳᠤ ᠳᠡᠵᠢᠬᠡᠨ ᠦᠷᠡᠵᠢᠬᠦᠯᠬᠦ ᠦᠢᠯᠡᠰ ᠢ ᠭᠤᠤᠯᠳᠠᠯᠭ᠎ᠠ ᠲᠠᠢ ᠬᠦᠭᠵᠢᠬᠦᠯᠪᠠ︔ ᠪᠠᠷᠠᠭᠤᠨ ᠪᠡᠶ᠎ᠠ ᠶᠢᠨ ᠵᠢᠷᠭᠤᠭᠠᠨ ᠳᠤᠰᠬᠤᠨ ᠳᠤ᠂ ᠳᠦᠬᠦᠬᠡᠷᠦᠮᠵᠢᠳᠤ ᠰᠤᠳᠤᠨ ᠳᠠᠷᠢᠶᠠᠯᠠᠩ ᠢ ᠪᠦᠳᠦᠬᠡᠨ ᠪᠠᠶᠢᠭᠤᠯᠵᠦ ᠬᠦᠭᠵᠢᠬᠦᠯᠪᠠ︔ ᠦᠵᠡᠰᠬᠦᠯᠡᠩᠳᠤ ᠰᠠᠶᠢᠬᠠᠨ ᠬᠦᠳᠡᠭᠡ ᠳᠤᠰᠬᠤᠨ ᠢ ᠪᠦᠳᠦᠬᠡᠨ ᠪᠠᠶᠢᠭᠤᠯᠬᠤ ᠵᠢᠱᠢᠶ᠎ᠠ ᠦᠵᠡᠬᠦᠯᠬᠦ ᠴᠡᠭ ᠲᠤ ᠪᠠᠨ ᠲᠦᠰᠢᠭᠯᠡᠨ᠂  ᠰᠡᠯᠡᠬᠦᠴᠡᠵᠦ ᠲᠤᠭᠤᠷᠢᠬᠤ ᠵᠢᠮᠢᠰ ᠨᠤᠭᠤᠭ᠎ᠠ ᠲᠡᠬᠦᠬᠦ᠂ ᠵᠢᠭᠠᠰᠤ ᠬᠦᠬᠢᠳᠡᠬᠦ᠂ ᠬᠤᠨᠤᠬᠯᠠᠬᠤ᠂ ᠬᠦᠳᠡᠭᠡ ᠲᠤᠰᠬᠤᠨ ᠤ ᠵᠢᠭᠤᠯᠴᠢᠯᠠᠯ᠂ ᠰᠢᠨᠵᠢᠯᠡᠬᠦ ᠤᠬᠠᠭᠠᠨ ᠮᠡᠷᠬᠡᠵᠢᠯ ᠤᠨ ᠪᠤᠯᠪᠠᠰᠤᠷᠠᠯ ᠵᠡᠷᠬᠡ ᠰᠡᠯᠡᠬᠦᠴᠡᠯ ᠲᠡᠷᠢᠶᠠᠯᠠᠩ᠂ ᠡᠬᠦᠳᠦᠨ ᠪᠦᠳᠦᠬᠡᠯᠴᠢ ᠲᠠᠷᠢᠶᠠᠯᠠᠩ᠂ ᠦᠵᠡᠮᠵᠢ ᠰᠤᠨᠢᠷᠬᠠᠬᠤ ᠲᠠᠷᠢᠶᠠᠯᠠᠩ᠂ ᠴᠢᠳᠠᠪᠬᠢᠳᠤ ᠲᠠᠷᠢᠶᠠᠯᠠᠩ ᠢ ᠶᠡᠬᠡᠪᠡᠷ ᠬᠦᠭᠵᠢᠬᠦᠯᠵᠤ᠂ ᠳᠠᠷᠢᠶᠠᠴᠢᠨ ᠡᠷᠦᠬᠡ   ᠶᠢᠨ  ᠰᠢᠨ᠎ᠠ ᠬᠡᠯᠪᠡᠷᠢ ᠶᠢᠨ ᠠᠵᠤ ᠦᠢᠯᠡᠰ ᠢ ᠬᠦᠭᠵᠢᠬᠦᠯᠬᠦ ᠶᠢ ᠵᠤᠷᠢᠭᠵᠢᠭᠤᠯᠪᠠ᠃ ᠤᠳᠤᠬᠠᠨ ᠳᠤ᠂ ︽ᠡᠣ ᠵᠢᠶᠠ ᠶᠤᠤ︾᠂ ︽ᠱᠦ ᠨᠦᠡᠭ︾᠂ ︽ᠮᠸᠡᠭ ᠯᠢᠤᠢ︾᠂ ︽ᠵᠢᠤᠢ ᠡᠾᠧ ᠲᠡᠨ ᠵᠢᠭᠠᠰᠤ︾ ᠵᠡᠷᠬᠡ ᠰᠢᠯᠢᠳᠡᠭ ᠮᠠᠯ ᠳᠠᠷᠢᠶᠠᠯᠠᠩ ᠤᠨ ᠠᠰᠢᠭ ᠰᠢᠮ᠎ᠠ ᠶᠢᠨ ᠪᠦᠳᠦᠭᠡᠭᠳᠡᠬᠦᠨ ᠤ ᠨᠡᠷᠡᠳᠤ ᠲᠡᠮᠳᠡᠭᠳᠤ ᠶᠢ ᠠᠮᠵᠢᠯᠳᠠᠳᠡᠢ ᠴᠤᠬᠴᠠᠯᠠᠪᠠ︔ ᠡᠣ ᠵᠢᠶᠠ ᠶᠤᠤ ᠶᠢᠨ ᠤᠷᠭᠠᠨᠢᠬ ᠳᠡᠵᠢᠬᠡᠯ ᠪᠤᠷᠳᠤᠭ᠎ᠠ ᠶᠢᠨ ᠦᠢᠯᠡᠳᠪᠦᠷᠢ᠂ ᠤᠷᠭᠠᠨᠢᠬ ᠪᠤᠷᠳᠤᠭᠤᠷ ᠤᠨ ᠦᠢᠯᠡᠳᠪᠦᠷᠢ᠂ ᠳᠠᠷᠢᠶᠠᠯᠠᠩ ᠤᠨ ᠪᠦᠳᠦᠭᠡᠭᠳᠡᠬᠦᠨ ᠤ ᠪᠠᠷᠠᠭᠠᠨ ᠤ ᠬᠦᠢᠯᠬᠡᠬᠡᠨ ᠤ ᠳᠤᠭᠤᠷᠢᠬ᠂ ᠨᠠᠮᠤᠬ ᠤᠨ ᠬᠡᠢ ᠶᠢᠨ ᠦᠷᠳᠡᠭᠡ ᠵᠡᠷᠬᠡ ᠮᠠᠯ ᠳᠠᠷᠢᠶᠠᠯᠠᠩ ᠤᠨ ᠪᠦᠳᠦᠬᠡᠭᠳᠡᠬᠦᠨ ᠢ ᠦᠢᠯᠡᠳᠪᠦᠷᠢᠯᠡᠵᠦ ᠪᠤᠯᠪᠠᠰᠤᠷᠠᠭᠤᠯᠬᠤ ᠢᠵᠢ ᠪᠦᠷᠢᠳᠦᠭᠰᠡᠨ ᠳᠦᠷᠦᠯ ᠵᠦᠢᠯ ᠢ ᠪᠦᠳᠦᠬᠡᠨ ᠪᠠᠶᠢᠭᠤᠯᠵᠤ᠂ ᠪᠤᠬᠢᠷᠳᠤᠯ ᠦᠬᠡᠢ ᠡᠷᠬᠢᠯᠳᠡᠳᠤ ᠠᠵᠤ ᠦᠢᠯᠡᠰ ᠤᠨ ᠬᠡᠯᠬᠢᠶᠠᠵᠢᠯ ᠢ ᠠᠩᠬ᠎ᠠ ᠠᠯᠬᠤᠮ ᠪᠦᠷᠢᠯᠳᠤᠬᠦᠯᠪᠠ᠃ 4A ᠳᠡᠰ ᠤᠨ ᠡᠯᠡᠰᠦᠨ ᠤ ᠠᠮᠢ ᠠᠬᠤᠢ ᠶᠢᠨ ᠵᠢᠭᠤᠯᠴᠢᠯᠡᠯ ᠤᠨ ᠦᠵᠡᠮᠵᠢ ᠶᠢᠨ ᠤᠷᠤᠨ ᠨᠢ ᠵᠢᠯ ᠳᠤ ᠳᠡᠭᠰᠢᠳᠬᠡᠬᠡᠳ 25 ᠳᠦᠮᠡᠨ ᠬᠦᠮᠦᠨ ᠤᠳᠠᠭ᠎ᠠ ᠶᠢ ᠬᠦᠯᠢᠶᠠᠨ ᠠᠪᠴᠤ ᠪᠤᠢ︔ ᠪᠦᠬᠦ ᠰᠢᠶᠠᠩ ᠤᠨ 8 ᠰᠡᠯᠡᠬᠦᠴᠠᠯ ᠳᠠᠷᠢᠶᠠᠯᠠᠩ ᠤᠨ ᠵᠢᠮᠢᠰ ᠨᠤᠭᠤᠭ᠎ᠠ ᠳᠡᠬᠦᠬᠦ ᠬᠦᠷᠢᠶᠡᠯᠡᠩ᠂ 65 ᠳᠠᠷᠢᠶᠠᠴᠢᠨ ᠠᠶᠢᠯ ᠤᠨ ᠪᠠᠶᠠᠰᠤᠯ ᠪᠠ ᠵᠢᠭᠠᠰᠤᠴᠢᠨ ᠠᠶᠢᠯ ᠤᠨ ᠪᠠᠶᠠᠰᠤᠯ ᠨᠢ ᠵᠢᠯ ᠪᠦᠷᠢ ᠳᠡᠭᠰᠢᠳᠭᠡᠭᠡᠳ 12 ᠳᠦᠮᠡᠨ ᠬᠦᠮᠦᠨ ᠤᠳᠠᠭ᠎ᠠ ᠶᠢᠨ ᠵᠢᠭᠤᠯᠴᠢᠯᠠᠬᠰᠠᠳ ᠲᠤ ᠰᠢᠯᠢᠳᠡᠭ ᠦᠢᠯᠡᠴᠢᠯᠡᠭᠡ ᠬᠠᠨᠭ᠍ᠭᠠᠵᠤ᠂ ᠳᠠᠷᠢᠶᠠᠴᠢᠳ ᠤᠨ ᠤᠷᠤᠯᠭ᠎ᠠ ᠪᠠᠨ ᠨᠡᠮᠡᠭᠳᠡᠬᠦᠯᠬᠦ ᠠᠷᠭ᠎ᠠ ᠵᠠᠮ ᠴᠢᠨᠠᠬᠰᠢᠳᠠ ᠦᠷᠬᠡᠵᠢᠵᠦ᠂ ᠪᠤᠬᠢᠷᠳᠤᠯ ᠦᠬᠡᠢ ᠠᠵᠤ ᠠᠬᠤᠢ ᠶᠢᠨ ᠬᠡᠪᠴᠢᠶᠠᠵᠢᠯ ᠨᠢ ᠠᠯᠭᠤᠷ ᠢᠶᠠᠷ ᠪᠤᠵᠠᠭᠠᠢᠢᠷᠡᠨ ᠬᠦᠴᠦᠷᠬᠡᠭᠵᠢᠪᠠ᠃ ᠪᠦᠬᠦ ᠰᠢᠶᠠᠩ ᠤᠨ ᠠᠵᠤ ᠠᠬᠤᠢ ᠶᠢᠨ ᠪᠤᠳᠠᠳᠤ ᠬᠦᠴᠦᠨ ᠢᠯᠡᠷᠬᠡᠢ ᠳᠡᠭᠡᠭᠰᠢᠯᠡᠵᠤ᠂ ᠬᠦᠳᠡᠭᠡ ᠳᠤᠰᠬᠤᠨ ᠤ ᠳᠦᠷᠢ ᠳᠦᠷᠬᠦ ᠮᠡᠳᠡᠭᠳᠡᠮ᠎ᠡ ᠬᠤᠪᠢᠷᠡᠯᠳᠡ ᠭᠠᠷᠤᠬᠰᠠᠭᠠᠷ ᠪᠠᠶᠢᠨ᠎ᠠ᠃
ᠢᠷᠡᠯᠲᠡ᠄ ᠲᠤᠰ ᠰᠦᠯᠵᠢᠶ᠎ᠡ