ᠪᠤᠷᠤᠳᠤᠬᠤᠢ ᠰᠤᠮᠤ ᠶᠢᠨ  ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2018/10/31
    ᠪᠤᠷᠤᠳᠤᠬᠤᠢ ᠰᠤᠮᠤ ᠵᠡᠬᠦᠨᠭᠠᠷ ᠬᠤᠰᠢᠭᠤᠨ ᠤ ᠪᠠᠷᠠᠭᠤᠨ ᠬᠤᠶᠢᠳᠤ ᠪᠡᠶ᠎ᠠ ᠳᠤ ᠪᠠᠶᠢᠷᠢᠰᠢᠵᠦ᠂ ᠬᠠᠷᠢᠶ᠎ᠡ ᠳᠤᠭᠤᠷᠢᠬ ᠤᠨ  ᠶᠡᠷᠦᠩᠬᠡᠢ ᠳᠠᠯᠠᠪᠠᠢ ᠨᠢ 654.41 ᠬᠠᠪᠳᠠᠭᠠᠢ ᠳᠦᠷᠪᠡᠯᠵᠢᠨ ᠺᠢᠯᠤᠮᠧᠲᠷ ᠪᠠᠶᠢᠵᠦ᠂ ᠬᠠᠷᠢᠶᠡᠨ ᠳᠤ  ᠨᠢ 3 ᠭᠠᠴᠠᠭ᠎ᠠ 6 ᠵᠠᠰᠠᠬ ᠵᠠᠬᠢᠷᠭᠠᠨ ᠤ ᠳᠤᠰᠬᠤᠨ  ᠪᠤᠢ᠃ ᠪᠦᠬᠦ ᠬᠦᠮᠦᠨ ᠠᠮᠠ ᠨᠢ 10231 ᠪᠠᠶᠢᠵᠦ᠂ ᠡᠬᠦᠨ ᠳᠤ ᠴᠦᠬᠡᠨ ᠳᠤᠭᠠᠳᠤ ᠦᠨᠳᠦᠰᠦᠳᠡᠨ ᠤ ᠬᠦᠮᠥᠨ ᠠᠮᠠ 3106 ᠬᠦᠮᠦᠨ᠂ ᠪᠠᠶᠢᠡᠭᠭᠤ ᠰᠠᠭᠤᠭ᠎ᠠ ᠬᠦᠮᠦᠨ ᠠᠮᠠ 4790 ᠬᠦᠮᠥᠨ ᠪᠠᠶᠢᠳᠠᠭ᠃ ᠬᠢᠵᠠᠭᠠᠷ ᠲᠤᠳᠤᠷ᠎ᠠ 5.7 ᠳᠦᠮᠡᠨ ᠮᠦ ᠳᠠᠷᠢᠶᠡᠨ ᠭᠠᠵᠠᠷ᠂ 70 ᠳᠦᠮᠡᠨ ᠮᠦ ᠤᠢᠢᠳᠤ ᠭᠠᠵᠠᠷ᠂ 20 ᠳᠦᠮᠡᠨ ᠮᠦ ᠡᠪᠡᠰᠤ ᠲᠠᠢ ᠪᠡᠯᠴᠢᠬᠡᠷ  ᠪᠠᠶᠢᠵᠦ᠂ ᠤᠷᠭᠤᠮᠠᠯ ᠤᠨ  ᠪᠦᠷᠬᠦᠪᠴᠢ ᠨᠢ 90% ᠠᠴᠠ  ᠲᠡᠭᠡᠭᠰᠢ ᠳᠤ ᠬᠦᠷᠴᠤ᠂ 280 ᠶᠡᠭᠡ ᠪᠠᠭ᠎ᠠ ᠴᠦᠬᠦᠷᠦᠮ ᠲᠠᠯᠠᠩ ᠪᠤᠢ᠃ ᠤᠰᠤᠨ ᠤ ᠭᠠᠷᠤᠯᠳᠠ ᠶᠢᠨ  ᠲᠡᠵᠢᠬᠡᠪᠦᠷᠢ ᠶᠢᠨ  ᠳᠠᠯᠠᠪᠠᠢ 2600 ᠮᠦ  ᠪᠠᠶᠢᠳᠠᠭ᠃      2013 ᠤᠨ ᠳᠤ᠂ ᠪᠤᠷᠤᠳᠤᠬᠤᠢ ᠰᠤᠮᠤ ᠪᠦᠬᠦ ᠬᠤᠳᠠ ᠶᠢᠨ ᠴᠡᠴᠡᠷᠯᠢᠭᠵᠢᠬᠦᠯᠦᠯᠳᠡ ᠨᠤᠭᠤᠭᠠᠷᠠᠭᠤᠯᠤᠯᠳᠠ ᠶᠢᠨ ᠵᠢᠱᠢᠶ᠎ᠡ ᠦᠵᠡᠬᠦᠯᠬᠦ ᠪᠠᠯᠭᠠᠰᠤ ᠵᠢᠴᠢ ᠪᠦᠬᠦ ᠬᠤᠳᠠ ᠶᠢᠨ ᠠᠩᠬᠠᠳᠠᠬᠴᠢ ᠪᠦᠯᠦᠭ 16 ᠵᠢᠵᠢᠭ ᠪᠠᠭ᠎ᠠ ᠪᠠᠯᠭᠠᠰᠤ  ᠶᠢᠨ ᠪᠦᠳᠦᠬᠡᠨ ᠪᠠᠶᠢᠭᠤᠯᠤᠯᠳᠠ ᠶᠢᠨ  ᠵᠢᠱᠢᠶ᠎ᠡ ᠦᠵᠡᠬᠦᠯᠬᠦ ᠴᠡᠭ ᠤᠨ ᠨᠢᠬᠡ ᠪᠠ  2015 ᠤᠨ ᠳᠤ ᠭᠤᠷᠪᠠᠳᠤᠭᠠᠷ ᠪᠦᠯᠦᠭ ᠪᠦᠬᠦ ᠤᠯᠤᠰ ᠤᠨ ᠤᠨᠴᠠᠯᠢᠬᠳᠤ ᠵᠢᠭᠤᠯᠴᠢᠯᠡᠯ ᠤᠨ  ᠦᠵᠡᠮᠵᠢ ᠶᠢᠨ  ᠨᠡᠷᠡᠳᠦ ᠪᠠᠯᠭᠠᠰᠤ ᠪᠠᠷ ᠦᠨᠡᠯᠡᠭᠳᠡᠪᠡ᠃ 2017 ᠤᠨ ᠤ 6 ᠰᠠᠷ᠎ᠡ ᠳᠤ᠂ ᠪᠤᠷᠤᠳᠤᠬᠤᠢ ᠰᠤᠮᠤ ᠪᠠ ᠬᠤᠸᠠ ᠵᠢᠶᠠᠨ ᠳᠤᠰᠬᠤᠨ ᠨᠢ ᠦᠪᠡᠷᠳᠡᠬᠡᠨ ᠵᠠᠰᠠᠬᠤ ᠤᠷᠤᠨ ᠤ ᠳᠡᠰ ᠤᠨ ᠪᠤᠯᠪᠠᠰᠤᠨ ᠪᠠᠯᠭᠠᠰᠤ ᠲᠤᠰᠬᠤᠨ ᠢᠶᠠᠷ ᠦᠨᠡᠯᠡᠭᠳᠡᠪᠡ᠃
ᠢᠷᠡᠯᠲᠡ᠄ ᠲᠤᠰ ᠰᠦᠯᠵᠢᠶ᠎ᠡ