ᠬᠠᠷᠠᠵᠠᠳᠠᠢ ᠰᠢᠶᠠᠩ ᠤᠷᠳᠤᠰ ᠬᠤᠳᠠ ᠶᠢᠨ ᠵᠡᠬᠦᠨᠭᠠᠷ ᠬᠤᠰᠢᠭᠤᠨ ᠤ ᠪᠠᠷᠠᠭᠤᠨ ᠪᠡᠶ᠎ᠠ ᠳᠤ ᠪᠠᠶᠢᠷᠢᠰᠢᠵᠦ᠂ ᠠᠷᠰᠧᠨ ᠡᠯᠡᠰᠦ ᠬᠠᠶᠢᠷ ᠴᠢᠯᠠᠭᠤᠨ | ᠢᠳᠡᠭᠳᠡᠯ ᠤᠨ ᠨᠢᠴᠦᠬᠦᠨ ᠭᠠᠵᠠᠷ ᠤᠷᠤᠨ ᠳᠤ ᠪᠠᠭᠳᠠᠵᠤ᠂ ᠰᠢᠶᠠᠩ ᠤᠨ ᠪᠦᠬᠦ ᠳᠠᠯᠠᠪᠠᠢ ᠨᠢ 639 ᠬᠠᠪᠳᠠᠭᠠᠢ ᠳᠦᠷᠪᠡᠯᠵᠢᠨ ᠺᠢᠯᠤᠮᠧᠲᠷ ᠲᠤ ᠬᠦᠷᠴᠤ᠂ | ᠬᠠᠷᠢᠶᠡᠨ ᠳᠤ ᠨᠢ 11 ᠳᠤᠰᠬᠤᠨ᠂ 65 ᠬᠤᠷᠰᠢᠶ᠎ᠠ ᠪᠠ 1 ᠨᠡᠶᠢᠬᠡᠮ ᠳᠤᠭᠤᠷᠢᠬ ᠲᠠᠢ᠃ ᠡᠷᠦᠬᠡ ᠠᠮᠠ ᠶᠢᠨ ᠲᠤᠭ᠎ᠠ ᠲᠠᠢ ᠨᠢ 7030 ᠡᠷᠦᠬᠡ᠂ 14829 | ᠬᠦᠮᠦᠨ ᠪᠠᠶᠢᠵᠦ᠂ ᠡᠬᠦᠨ ᠳᠤ ᠴᠦᠬᠡᠨ ᠳᠤᠭᠠᠳᠤ ᠦᠨᠳᠦᠰᠦᠳᠡᠨ 1204 ᠬᠦᠮᠦᠨ᠂ ᠪᠠᠶᠢᠡᠭᠭᠤ ᠰᠠᠭᠤᠭ᠎ᠠ ᠨᠢ 3000 ᠬᠦᠮᠦᠨ ᠪᠤᠢ᠃ ᠬᠢᠵᠠᠭᠠᠷ ᠲᠤᠳᠤᠷ᠎ᠠ | ᠵᠠᠮ ᠬᠠᠷᠢᠯᠴᠠᠭ᠎ᠠ ᠲᠦᠷᠪᠡᠨ ᠵᠦᠭ ᠨᠠᠢᠮᠠᠨ ᠵᠤᠪᠬᠢᠰ ᠲᠤ ᠨᠠᠪᠳᠠᠷᠠᠵᠦ᠂ 109 ᠵᠠᠮ ᠱᠤᠭᠤᠮ᠂ ᠷᠦᠡᠭ ᠴᠸᠡᠭ ᠠᠴᠠ ᠦᠬᠠᠢ ᠬᠦᠷᠬᠦ ᠲᠡᠭᠡᠳᠤ ᠬᠤᠷᠳᠤᠴᠠᠳᠤ | ᠵᠠᠰᠠᠮᠠᠯ ᠵᠠᠮ ᠵᠠᠬᠦᠨᠰᠢ ᠪᠠᠷᠠᠭᠤᠨᠰᠢ ᠨᠡᠪᠳᠡᠷᠡᠵᠦ᠂ ᠼᠤᠤ ᠶᠠᠩ ᠤᠨ ᠲᠠᠪᠬᠤᠷ ᠱᠤᠭᠤᠮ᠂ ᠳ᠋ᠧ ᠰᠠ ᠵᠠᠮ ᠱᠤᠭᠤᠮ ᠡᠮᠦᠨ᠎ᠡ ᠤᠮᠠᠷ᠎ᠡ ᠶᠢ ᠬᠤᠯᠪᠤᠵᠤ᠂ ᠵᠠᠮ | ᠬᠠᠷᠢᠯᠴᠠᠭ᠎ᠠ ᠮᠠᠰᠢ ᠲᠦᠬᠦᠮ ᠶᠤᠮ᠃ | ᠪᠦᠬᠦ ᠰᠢᠶᠠᠩ ᠳᠤ ᠦᠬᠡᠬᠦᠨ ᠴᠢᠯᠠᠭᠤᠨ ᠡᠯᠡᠰᠦ᠂ ᠭᠤᠤ ᠯᠢᠩ ᠰᠢᠷᠤᠢ᠂ ᠨᠡᠬᠦᠷᠠᠰᠤ ᠵᠡᠷᠬᠡ ᠡᠬᠢ ᠪᠠᠶᠠᠯᠢᠭ ᠡᠯᠪᠡᠭ ᠲᠡᠯᠪᠡᠭ ᠪᠠᠶᠢᠵᠤ᠂ ᠤᠳᠤᠬᠠᠨ ᠳᠤ 5 | ᠨᠡᠬᠦᠷᠡᠰᠦᠨ ᠠᠵᠤ ᠠᠬᠤᠢᠢᠯᠡᠯ᠂ 1 ᠨᠡᠬᠦᠷᠡᠰᠦ ᠰᠠᠪᠠᠯᠠᠵᠦ ᠵᠦᠬᠡᠬᠡᠪᠦᠷᠢᠯᠡᠬᠦ ᠦᠷᠳᠡᠭᠡ᠂ 3 ᠷᠠᠰᠢᠶᠡᠨ ᠤᠰᠤ ᠶᠢᠨ ᠦᠢᠯᠡᠳᠪᠦᠷᠢ᠂ 1 ᠤᠯᠤᠰ ᠤᠨ ᠤᠰᠤᠨ | ᠠᠰᠢᠬᠯᠠᠯᠳᠠ ᠶᠢᠨ ᠶᠠᠮᠤᠨ ᠤ ᠴᠢᠴᠠᠷᠭᠠᠨ᠎ᠠ ᠶᠢ ᠰᠤᠶᠤᠭᠠᠯᠠᠭᠤᠯᠬᠤ ᠶᠢ ᠰᠤᠳᠤᠯᠵᠦ ᠨᠡᠬᠡᠬᠡᠯᠳᠡ ᠬᠢᠬᠦ ᠳᠦᠪ ᠪᠤᠢ᠃ 2007 ᠤᠨ ᠳᠤ ᠮᠠᠨ ᠤ ᠰᠢᠶᠠᠩ ᠨᠡᠬᠡᠬᠡᠨ | ᠬᠦᠭᠵᠢᠬᠦᠯᠬᠦ ᠶᠢ ᠬᠤᠷᠢᠬᠯᠠᠬᠰᠠᠨ ᠨᠡᠬᠡᠬᠡᠯᠳᠡ ᠶᠢᠨ ᠤᠷᠤᠨ ᠤ ᠮᠠᠯᠴᠢᠨ ᠳᠠᠷᠢᠶᠠᠴᠢᠨ ᠢ ᠨᠡᠬᠦᠯᠬᠡᠬᠦ ᠶᠢ ᠬᠡᠷᠡᠭᠵᠢᠬᠦᠯᠵᠦ᠂ 2009 ᠤᠨ ᠳᠤ ᠪᠦᠬᠦ᠋ᠢᠯᠡ ᠰᠢᠶᠠᠩ ᠢ | ᠠᠮᠢ ᠠᠬᠤᠢ ᠶᠢᠨ ᠠᠶᠠᠨᠳᠠᠭᠠᠨ ᠰᠡᠷᠬᠦᠬᠦ ᠤᠷᠤᠨ ᠤ ᠪᠦᠳᠦᠬᠡᠨ ᠪᠠᠶᠢᠭᠤᠯᠤᠯᠳᠠ ᠶᠢᠨ ᠳᠤᠷᠰᠢᠯᠳᠠ ᠶᠢᠨ ᠴᠡᠭ ᠢᠶᠠᠷ ᠳᠤᠬᠳᠠᠭᠠᠵᠤ᠂ ᠠᠮᠢ ᠠᠬᠤᠢ ᠶᠢᠨ ᠨᠡᠬᠦᠳᠡᠯ | ᠠᠷᠠᠳ ᠤᠨ 4687 ᠡᠷᠦᠬᠡ ᠶᠢᠨ 11516 ᠬᠦᠮᠥᠨ ᠢ ᠨᠡᠬᠦᠯᠬᠡᠬᠦ ᠶᠢ ᠪᠠᠶᠡᠯᠡᠬᠦᠯᠵᠦ᠂ ᠳᠡᠷᠡ ᠨᠢ 10 ᠳᠤᠰᠬᠤᠨ 56 ᠬᠤᠷᠰᠢᠶ᠎ᠠ ᠲᠠᠢ ᠬᠤᠯᠪᠤᠬᠳᠠᠵᠤ᠂ | ᠬᠠᠮᠤᠷᠤᠬᠰᠠᠨ ᠳᠠᠯᠠᠪᠠᠢ ᠨᠢ 599.28 ᠬᠠᠪᠳᠠᠭᠠᠢ ᠳᠦᠷᠪᠡᠯᠵᠢᠨ ᠺᠢᠯᠤᠮᠧᠲᠷ ᠲᠤ ᠬᠦᠷᠴᠤ᠂ ᠰᠢᠶᠠᠩ ᠤᠨ ᠪᠦᠬᠦ ᠳᠠᠯᠠᠪᠠᠢ ᠶᠢᠨ 93.8% ᠶᠢ ᠡᠵᠡᠯᠡᠪᠡ᠃ | ᠠᠮᠢ ᠠᠬᠤᠢ ᠶᠢᠨ ᠨᠡᠬᠦᠳᠡᠯ ᠠᠷᠡᠳ ᠢ ᠨᠡᠬᠦᠯᠬᠡᠬᠦ ᠶᠠᠪᠤᠴᠠ ᠳᠤᠮᠳᠠ᠂ ︽ᠬᠦᠮᠦᠨ ᠠᠮᠠ ᠤᠬᠤᠷᠢᠨ ᠭᠠᠷᠴᠤ᠂ ᠠᠮᠢ ᠠᠬᠤᠢ ᠲᠠᠭᠠᠨ ᠤᠷᠤᠬᠰᠢᠯᠠᠬᠤ︾ | ᠵᠠᠷᠴᠢᠮ ᠢ ᠪᠠᠷᠢᠮᠳᠠᠯᠠᠵᠤ᠂ ᠠᠮᠢ ᠠᠬᠤᠢ ᠶᠢᠨ ᠪᠦᠳᠦᠬᠡᠨ ᠪᠠᠶᠢᠭᠤᠯᠤᠯᠳᠠ ᠶᠢ ᠨᠢᠬᠡᠳᠦᠯᠳᠡᠢ ᠳᠦᠯᠦᠪᠵᠢᠬᠦᠯᠦᠨ ᠠᠬᠢᠭᠤᠯᠪᠠ᠃ ᠤᠳᠤᠬᠠᠨ ᠪᠤᠯᠳᠠᠯ᠎ᠠ᠂ ᠪᠦᠬᠦ | ᠰᠢᠶᠠᠩ ᠤᠨ ᠠᠮᠢ ᠠᠬᠤᠢ ᠶᠢᠨ ᠤᠢᠢᠵᠢᠭᠤᠯᠤᠬᠰᠠᠨ ᠳᠠᠯᠠᠪᠠᠢ 68.82 ᠳᠦᠮᠡᠨ ᠮᠦ ᠳᠤ ᠬᠦᠷᠴᠤ᠂ ᠤᠷᠭᠤᠮᠠᠯ ᠤᠨ ᠪᠦᠷᠬᠦᠪᠴᠢ ᠨᠢ 91% ᠶᠢ ᠲᠠᠪᠠᠵᠦ᠂ | ᠵᠢᠭᠤᠯᠴᠢᠯᠡᠯ ᠤᠨ ᠦᠢᠯᠡᠰ ᠢ ᠬᠦᠭᠵᠢᠬᠦᠯᠬᠦ᠂ ᠲᠠᠷᠢᠵᠦ ᠲᠡᠵᠢᠬᠡᠬᠦ ᠦᠢᠯᠡᠰ ᠢ ᠬᠦᠭᠵᠢᠬᠦᠯᠬᠦ ᠳᠤ ᠳᠤᠬᠢᠷᠠᠮᠵᠢᠳᠡᠢ ᠪᠤᠯᠵᠠᠢ᠃ | | |